《ᠬᠦᠴᠢᠷᠳᠡᠯᠳᠠᠢ ᠪᠤᠯ ᠱᠸᠡᠭ ᠱᠦᠵᠢ ᠶᠢ ᠡᠷᠢ︕》

  ᠬᠦᠴᠢᠷᠳᠡᠯᠳᠠᠢ ᠪᠤᠯ ᠱᠸᠡᠭ ᠱᠦᠵᠢ ᠶᠢ ᠡᠷᠢ︕ ᠡᠨᠡ ᠦᠭᠡ ᠶᠢ ᠰᠤᠷᠪᠤᠯᠵᠢᠯᠠᠭᠴᠢ ᠴᠠᠬᠠᠷ ᠪᠠᠷᠠᠭᠤᠨ ᠭᠠᠷᠤᠨ ᠡᠮᠦᠨᠡᠳᠤ ᠬᠤᠰᠢᠭᠤᠨ᠎ ᠤ ᠪᠠᠶᠠᠨᠳᠠᠯ᠎ᠠ ᠪᠠᠯᠭᠠᠰᠤᠨ᠎ ᠤ ᠬᠤᠵᠢᠷᠳᠤ ᠳᠠᠯ᠎ᠠ ᠳᠤᠰᠬᠤᠨ ᠳᠤ ᠬᠠᠮᠤᠭ ᠤᠯᠠᠨ ᠰᠤᠨᠤᠰᠴᠡᠢ᠃ ᠳᠤᠰᠬᠤᠨ᠎ ᠤ ᠠᠷᠠᠳ ᠤᠨ ᠶᠠᠷᠢᠵᠤ ᠪᠠᠶᠢᠭ᠎ᠠ ᠱᠸᠡᠭ ᠱᠦᠵᠢ ᠪᠤᠯ ᠴᠠᠬᠠᠷ ᠪᠠᠷᠠᠭᠤᠨ ᠭᠠᠷᠤᠨ ᠡᠮᠦᠨᠡᠳᠤ ᠬᠤᠰᠢᠭᠤᠨ᠎ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠰᠤᠩᠭᠤᠭᠤᠯᠢ ᠶᠢᠨ ᠠᠵᠢᠯ ᠤᠨ ᠵᠦᠪᠯᠡᠯ ᠳᠤ ᠳᠤᠰᠢᠶᠠᠯ ᠲᠠᠢ᠂ ᠬᠤᠵᠢᠷᠳᠤ ᠳᠠᠯ᠎ᠠ ᠳᠤᠰᠬᠤᠨ᠎ ᠤ ᠨᠢᠭᠡᠳᠤᠭᠡᠷ ᠱᠦᠵᠢ ᠪᠠ ᠶᠠᠳᠠᠭᠤ ᠶᠢ ᠳᠡᠳᠬᠦᠬᠦ ᠠᠵᠢᠯ ᠤᠨ ᠳᠤᠭᠤᠢᠢᠯᠠᠩ ᠤᠨ ᠳᠠᠷᠤᠭ᠎ᠠ ᠱᠸᠡᠭ ᠶᠦᠡᠭ ᠪᠤᠯᠤᠨ᠎ᠠ᠃

  5 ᠰᠠᠷ᠎ᠠ ᠶᠢᠨ 31᠎ ᠤ ᠦᠳᠡ ᠶᠢᠨ ᠡᠮᠦᠨ᠎ᠡ᠂ ᠰᠤᠷᠪᠤᠯᠵᠢᠯᠠᠭᠴᠢ ᠱᠸᠡᠭ ᠶᠦᠡᠭ ᠲᠠᠢ ᠠᠭᠤᠯᠵᠠᠬᠤ ᠪᠠᠷ ᠤᠳᠠᠰᠤᠳᠠᠬᠤ ᠳᠤ ᠳᠡᠷᠡ ᠶᠠᠭ ᠰᠠᠶᠢᠬᠠᠨ ᠬᠤᠰᠢᠭᠤᠨ᠎ ᠤ ᠡᠮᠨᠡᠯᠭᠡ ᠶᠢᠨ ᠬᠤᠷᠢᠶᠠᠨ ᠳᠤ ᠳᠡᠷᠭᠡᠨ ᠠᠳᠡᠯ ᠠᠴᠠ ᠪᠤᠯᠵᠤ ᠰᠢᠷᠬᠠᠳᠤᠭᠰᠠᠨ ᠳᠤᠰᠬᠤᠨ᠎ ᠤ ᠠᠷᠠᠳ ᠢᠶᠠᠨ ᠡᠷᠬᠢᠵᠤ ᠦᠵᠡᠬᠦ ᠪᠠᠷ ᠶᠠᠪᠤᠭᠰᠠᠨ ᠪᠠᠶᠢᠵᠠᠢ᠃ ᠦᠳᠡ ᠠᠶᠠᠳᠠᠵᠤ ᠪᠢᠳᠡ ᠱᠸᠡᠭ ᠶᠦᠡᠭ ᠱᠦᠵᠢ ᠲᠠᠢ ᠤᠴᠠᠷᠠᠯ᠎ᠠ᠂ ᠰᠤᠷᠪᠤᠯᠵᠢᠯᠠᠭ᠎ᠠ ᠡᠬᠢᠯᠡᠩᠬᠦᠳᠡ ᠮᠠᠨ᠎ ᠤ ᠳᠤᠰᠬᠤᠨ ᠳᠤ 246 ᠡᠷᠦᠬᠡ 486 ᠬᠦᠮᠦᠨ ᠠᠮᠠ ᠲᠠᠢ᠂ ᠶᠠᠳᠠᠭᠤ ᠬᠦᠴᠢᠷᠳᠡᠯᠳᠠᠢ ᠬᠦᠮᠤᠨ ᠠᠮᠠ 6 ᠡᠷᠦᠭᠡ 13 ᠬᠦᠮᠦᠨ ᠠᠮᠠ ᠪᠠᠶᠢᠵᠤ᠂ 2 ᠡᠷᠦᠭᠡ 5 ᠬᠦᠮᠦᠨ ᠠᠮᠠ ᠶᠠᠳᠠᠭᠤ ᠠᠴᠠ ᠠᠩᠬᠢᠵᠢᠷᠠᠵᠤ᠂ ᠤᠳᠤ 4 ᠡᠷᠦᠭᠡ 8 ᠶᠠᠳᠠᠭᠤ ᠬᠦᠴᠢᠷᠳᠡᠯᠳᠡᠢ ᠬᠦᠮᠦᠨ ᠠᠮᠠ ᠪᠠᠶᠢᠨ᠎ᠡ ᠬᠡᠵᠤ ᠱᠸᠡᠭ ᠱᠦᠵᠢ ᠳᠤᠰᠬᠤᠨ᠎ ᠤ ᠪᠠᠶᠢᠳᠠᠯ ᠢᠶᠠᠨ ᠨᠢᠭᠡ ᠴᠤ ᠠᠨᠳᠠᠬᠤ ᠦᠭᠡᠢ ᠤᠷᠤᠰᠬᠠᠯ᠎ᠠ᠃ ᠡᠬᠦᠨ ᠢᠶᠠᠷ ᠪᠠᠷᠠᠬᠤ ᠦᠭᠡᠢ᠂ ᠠᠯᠢ ᠠᠶᠢᠯ ᠨᠢ ᠬᠡᠳᠤᠨ ᠬᠦᠮᠦᠨ ᠠᠮᠠ ᠲᠠᠢ ᠶᠠᠮᠠᠷ ᠨᠡᠷ᠎ᠡ ᠲᠠᠢ ᠶᠢ ᠴᠤ ᠠᠨᠳᠠᠬᠤ ᠦᠭᠡᠢ ᠮᠡᠳᠡᠵᠤ᠂ ᠵᠠᠮ ᠳᠡᠭᠡᠷ᠎ᠡ ᠳᠠᠭᠠᠷᠠᠯᠳᠤᠭᠰᠠᠨ ᠳᠤᠰᠬᠤᠨ᠎ ᠤ ᠠᠷᠠᠳ ᠴᠤ ᠳᠡᠬᠦᠨ ᠢ ᠦᠵᠡᠭᠰᠡᠭᠡᠷ ᠲᠤᠩ ᠬᠠᠯᠠᠭᠤᠮᠰᠤᠬ ᠢᠶᠠᠷ ᠴᠦᠭᠡᠨ ᠴᠤ ᠬᠡᠰᠡᠨ ᠭᠡᠳᠤᠨ ᠦᠭᠡ ᠵᠤᠭᠤᠭᠳᠠᠵᠤ ᠠᠪᠤᠨ᠎ᠠ᠃

  ᠲᠠᠷᠢᠶᠠᠴᠢᠨ ᠠᠶᠢᠯ ᠳᠤ ᠲᠦᠷᠦᠵᠤ ᠦᠰᠴᠤ᠂ ᠪᠠᠭ᠎ᠠ ᠠᠴᠠ ᠪᠠᠨ ᠬᠦᠴᠢᠷᠳᠡᠯᠳᠠᠢ ᠠᠮᠢᠳᠤᠷᠠᠯ ᠢ ᠦᠡᠭᠭᠡᠷᠡᠭᠦᠯᠦᠭᠰᠡᠨ ᠱᠸᠡᠭ ᠶᠦᠡᠭ᠂ ᠶᠠᠳᠠᠭᠤ ᠬᠦᠴᠢᠷᠳᠡᠯᠳᠠᠢ ᠭᠦᠮᠦᠰ ᠤᠨ ᠬᠦᠴᠢᠷ ᠵᠤᠪᠠᠯᠠᠩ ᠢ ᠶᠡᠬᠡᠪᠡᠷ ᠤᠢᠢᠯᠠᠭᠠᠵᠤ᠂ ᠴᠢᠳᠠᠬᠤ ᠶᠢᠨ ᠴᠢᠨᠡᠭᠡ ᠪᠠᠷ ᠬᠠᠪᠰᠤᠷᠤᠯᠭ᠎ᠠ ᠲᠠᠮᠵᠢᠯᠭᠡ ᠦᠵᠡᠭᠦᠯᠦᠨ᠎ᠠ ᠬᠡᠰᠡᠨ ᠭᠦᠰᠡᠯ ᠵᠤᠷᠢᠬ ᠢᠶᠠᠷ 2015 ᠤᠨ᠎ ᠤ 9 ᠰᠠᠷ᠎ᠠ ᠳᠤ ᠨᠢᠭᠡᠳᠤᠭᠡᠷ ᠱᠦᠵᠢ ᠶᠢᠨ ᠠᠵᠢᠯ ᠢᠶᠠᠨ ᠡᠬᠢᠯᠡᠬᠦᠯᠦᠭᠰᠡᠨ ᠪᠠᠶᠢᠨ᠎ᠡ᠃ ᠬᠤᠶᠡᠷ ᠵᠢᠯ ᠤᠨ ᠲᠠᠷᠠᠭ᠎ᠠ ᠨᠢᠭᠡᠳᠤᠭᠡᠷ ᠱᠦᠵᠢ ᠶᠢᠨ ᠠᠵᠢᠯ ᠤᠨ ᠬᠤᠭᠤᠴᠠᠭ᠎ᠠ ᠨᠢ ᠳᠤᠯᠤᠭᠰᠠᠨ ᠳᠤ ᠳᠤᠰᠬᠤᠨ᠎ ᠤ ᠠᠷᠠᠳ ᠲᠡᠭᠦᠨ ᠢ ᠶᠠᠪᠤᠭᠤᠯᠬᠤ ᠲᠤᠷ᠎ᠠ ᠦᠭᠡᠢ ᠲᠤᠰᠬᠤᠨ ᠳᠠᠭᠠᠨ ᠦᠯᠡᠳᠡᠵᠤ ᠦᠷᠭᠦᠯᠵᠢᠯᠡᠨ ᠲᠤᠰᠬᠤᠨ᠎ ᠤ ᠠᠷᠡᠤᠨ ᠲᠠᠭᠠᠨ ᠤᠢᠢᠯᠡᠴᠢᠯᠡᠭᠦ ᠶᠢ ᠭᠦᠰᠡᠭᠰᠡᠨ ᠳᠤ ᠲᠡᠷᠠ ᠲᠤᠷᠠᠳᠡᠢ ᠬᠦᠯᠢᠶᠡᠨ ᠠᠪᠴᠤ ᠤᠳᠤ ᠪᠤᠯᠳᠠᠯ᠎ᠠ ᠨᠢᠭᠡᠳᠤᠭᠡᠷ ᠱᠦᠵᠢ ᠶᠢᠨ ᠠᠵᠢᠯ ᠢᠶᠠᠨ ᠭᠢᠭᠰᠡᠭᠡᠷ ᠢᠷᠡᠵᠡᠢ᠃ ᠱᠸᠡᠭ ᠶᠦᠡᠭ ᠤᠨ ᠤᠯᠠᠨ ᠲᠦᠮᠡᠨ᠎ ᠤ ᠰᠡᠳᠬᠢᠯ ᠢ ᠤᠯᠤᠭᠰᠠᠨ ᠨᠢ ᠤᠷᠠᠨ ᠦᠭᠡ ᠪᠠᠷ ᠪᠢᠰᠢ ᠬᠠᠷᠢᠨ ᠪᠤᠳᠠᠳᠠᠢ ᠦᠢᠯᠡᠳᠤᠯᠭᠡ ᠪᠠᠶᠢᠵᠡᠢ᠃

  ᠬᠤ᠋ ᠰᠢ ᠯᠢᠶᠠᠩ ᠤᠨ ᠪᠠᠶᠠᠰᠤᠯ

  ᠳᠤᠰᠬᠤᠨ᠎ ᠤ ᠠᠷᠠᠳ ᠬᠤ᠋ ᠰᠢ ᠯᠢᠶᠠᠩ ᠪᠤᠯ ᠡᠨᠡ ᠵᠢᠯ 57 ᠨᠠᠰᠤᠳᠡᠢ ᠭᠠᠭᠴᠠ ᠪᠡᠶ᠎ᠠ ᠨᠠᠰᠤᠳᠡᠨ ᠶᠤᠮ᠃ ᠠᠮᠢᠳᠤᠷᠠᠯ ᠨᠢ ᠭᠦᠴᠢᠷᠳᠡᠯᠳᠡᠢ ᠶᠢᠨ ᠳᠡᠭᠡᠷ᠎ᠡ 2015 ᠤᠨ ᠳᠤ ᠳᠡᠷᠡ ᠪᠷᠦ᠋ᠼᠧᠯ ᠡᠪᠡᠳᠴᠢᠨ ᠳᠤ ᠨᠡᠷᠪᠡᠭᠳᠡᠵᠤ᠂ ᠬᠦᠯ ᠨᠢ ᠪᠠᠰᠠ ᠠᠳᠡᠯ ᠠᠴᠠ ᠪᠤᠯᠵᠤ ᠪᠡᠷᠳᠡᠵᠤ᠂ ᠠᠮᠢᠳᠤᠷᠠᠯ ᠨᠢ ᠨᠡᠩ ᠴᠤ ᠭᠠᠴᠢᠭᠳᠠᠯ ᠳᠤ ᠤᠨᠠᠵᠠᠢ᠃

  2015 ᠤᠨ ᠳᠤ ᠬᠤ᠋ ᠰᠢ ᠯᠢᠶᠠᠩ ᠳᠠᠩᠰᠠᠯᠠᠵᠤ ᠺᠠᠷᠲᠯᠠᠭᠰᠠᠨ ᠤᠨᠢᠨ ᠳᠡᠭᠡᠷ᠎ᠡ ᠨᠢ ᠶᠠᠳᠠᠭᠤ ᠶᠢ ᠳᠡᠳᠬᠦᠬᠦ ᠡᠷᠦᠭᠡ ᠪᠠᠷ ᠪᠦᠷᠢᠳᠭᠡᠭᠳᠡᠪᠡ᠃ ᠳᠤᠰᠬᠤᠨ ᠳᠤ ᠨᠢᠭᠡᠳᠤᠭᠡᠷ ᠱᠦᠵᠢ ᠪᠠᠷ ᠢᠷᠡᠭᠡᠳ ᠤᠳᠠᠭᠠᠳᠤᠢ ᠱᠸᠡᠭ ᠶᠦᠡᠭ ᠳᠡᠬᠦᠨ᠎ ᠤ ᠪᠠᠶᠢᠳᠠᠯ ᠢ ᠤᠢᠢᠯᠠᠭᠠᠵᠤ᠂ ᠲᠡᠭᠦᠨ ᠳᠤ ᠭᠠᠭ᠋ᠠᠢ ᠳᠡᠵᠢᠭᠡᠵᠤ ᠶᠠᠳᠠᠭᠤ ᠠᠴᠠ ᠠᠩᠬᠢᠵᠢᠷᠠᠭᠤᠯᠬᠤ ᠳᠥᠯᠦᠪᠯᠡᠭᠡ ᠭᠢᠵᠤ ᠦᠭᠭᠦᠭᠰᠡᠨ ᠪᠠᠶᠢᠨ᠎ᠡ᠃ ᠬᠤᠵᠢᠷᠳᠤ ᠳᠠᠯ᠎ᠠ ᠳᠤᠰᠬᠤᠨ ᠶᠠᠳᠠᠭᠤ ᠬᠦᠴᠢᠷᠳᠡᠯᠳᠠᠢ ᠡᠷᠦᠭᠡ ᠳᠤ ᠳᠤᠬᠢᠷᠠᠭᠤᠯᠤᠨ ᠭᠠᠭ᠋ᠠᠢ ᠳᠠᠬᠢᠶ᠎ᠡ ᠳᠡᠵᠢᠬᠡᠪᠡᠯ ᠬᠠᠷᠠᠭᠠᠯᠵᠠᠭᠰᠠᠨ ᠨᠦᠬᠦᠪᠦᠷᠢ ᠮᠦᠡᠭᠬᠦ ᠤᠯᠭᠤᠵᠤ᠂ ᠪᠠᠰᠠ ᠫᠸᠡᠭ ᠰᠠᠷᠠᠪᠴᠢ ᠪᠠᠶᠢᠭᠤᠯᠵᠤ ᠦᠭᠳᠡᠭ ᠪᠠᠶᠢᠵᠡᠢ᠂ ᠲᠦᠷᠦᠬᠦᠦ ᠵᠢᠯ ᠳᠤᠨᠢ ᠨᠢᠭᠡ ᠭᠠᠭ᠋ᠠᠢ ᠶᠢᠨ 500 ᠲᠦᠬᠦᠷᠢᠭ ᠤᠨ ᠨᠦᠬᠦᠪᠦᠷᠢ ᠮᠦᠡᠭᠬᠦ ᠲᠠᠢ᠂ ᠳᠠᠷᠠᠭᠠᠴᠢ ᠶᠢᠨ ᠵᠢᠯ ᠠᠴᠠ ᠨᠢᠭᠡ ᠭᠠᠭ᠋ᠠᠢ ᠶᠢᠨ 300 ᠲᠦᠬᠦᠷᠢᠭ ᠤᠨ ᠨᠦᠬᠦᠪᠦᠷᠢ ᠮᠦᠡᠭᠬᠦ ᠲᠠᠢ᠃ ᠱᠸᠡᠭ ᠱᠦᠵᠢ ᠠᠩᠬ᠎ᠠ ᠡᠭᠢᠯᠡᠭᠡᠤᠨ ᠨᠠᠳᠠ ᠳᠤ ᠭᠠᠭ᠋ᠠᠢ ᠲᠡᠵᠢᠭᠡᠭᠦ ᠲᠤᠬᠠᠢ ᠶᠠᠷᠢᠬᠤ ᠳᠤ ᠪᠢ ᠴᠢᠨᠢ ᠭᠦᠨᠳᠤ ᠠᠵᠢᠯ ᠭᠢᠵᠤ ᠲᠡᠶᠢᠯᠭᠦ ᠦᠭᠡᠢ ᠭᠡᠤᠨ ᠪᠠᠭ᠋ᠠᠨ ᠲᠠᠳᠠᠭᠠᠯᠵᠡᠵᠤ ᠪᠠᠶᠢᠬᠰᠡᠨ ᠡ᠂ ᠭᠡᠪᠡᠴᠤ ᠱᠧᠩ ᠱᠦᠵᠢ ᠶᠢᠨ ᠠᠭᠢᠨ ᠲᠠᠭᠢᠨ ᠢᠤᠬᠠᠠᠵᠤ ᠵᠤᠷᠢᠬᠵᠢᠭᠤᠯᠤᠬᠰᠡᠨ ᠠᠴᠠ ᠰᠠᠶ᠋ᠢ ᠭᠠᠭ᠋ᠠᠢ ᠳᠡᠵᠢᠭᠡᠵᠤ ᠡᠬᠢᠯᠡᠭᠰᠡᠨ ᠶᠤᠮ ᠡ ᠬᠡᠵᠤ ᠬᠤ᠋ ᠰᠢ ᠯᠢᠶᠠᠩ ᠪᠢᠳᠡᠨ ᠢ ᠭᠠᠭ᠋ᠠᠢ ᠶᠢᠨ ᠬᠠᠰᠢᠶᠠᠨ ᠳᠠᠭᠠᠨ ᠳᠠᠭᠠᠭᠤᠯᠵᠤ ᠤᠴᠢᠪᠠ᠃

  ᠬᠤ᠋ ᠰᠢ ᠯᠢᠶᠠᠩ 2015 ᠤᠨ᠎ ᠤ ᠡᠪᠦᠯ ᠠᠴᠠ ᠡᠬᠢᠯᠡᠵᠤ 5 ᠭᠠᠭ᠋ᠠᠢ ᠶᠢᠨ ᠳᠤᠷᠤᠢ ᠳᠡᠵᠢᠭᠡᠵᠤ᠂ 2500 ᠲᠦᠬᠦᠷᠢᠭ ᠤᠨ ᠨᠦᠬᠦᠪᠦᠷᠢ ᠤᠯᠤᠭᠰᠠᠨ ᠢᠶᠠᠷ ᠪᠠᠷᠠᠬᠤ ᠦᠭᠡᠢ᠂ 2016 ᠤᠨ ᠳᠤ ᠭᠠᠭ᠋ᠠᠢ ᠶᠢᠨ ᠮᠢᠬᠠᠨ᠎ ᠤ ᠦᠨ᠎ᠡ ᠦᠨᠳᠦᠷ ᠦᠶ᠎ᠡ ᠳᠤ ᠨᠢᠭᠡ ᠭᠠᠭ᠋ᠠᠢ ᠪᠠᠨ 1000 ᠲᠦᠬᠦᠷᠢᠭ ᠢᠶᠠᠷ ᠬᠤᠳᠠᠯᠳᠤᠪᠠ᠃ ᠤᠷᠤᠯᠭ᠎ᠠ ᠨᠡᠮᠡᠭᠳᠡᠭᠰᠡᠨ ᠠᠴᠠ ᠬᠤ᠋ ᠰᠢ ᠯᠢᠶᠠᠩ ᠤᠯᠠᠮ ᠠᠴᠠ ᠵᠤᠷᠢᠭᠵᠢᠵᠤ᠂ ᠤᠳᠤ ᠬᠠᠰᠢᠶᠠᠨ ᠳᠤᠨᠢ 20 ᠭᠠᠷᠤᠢ ᠭᠠᠭ᠋ᠠᠢ ᠲᠠᠢ ᠪᠤᠯᠵᠤ᠂ ᠨᠢᠭᠡᠨᠳᠡ ᠳᠤᠰᠬᠤᠨ ᠤ ᠪᠠᠨ ᠭᠠᠭ᠋ᠠᠢ ᠳᠡᠵᠢᠭᠡᠳᠡᠭ ᠳᠤᠮᠤ ᠡᠷᠦᠭᠡ ᠪᠤᠯᠴᠢᠬᠠᠭᠰᠠᠨ ᠪᠠᠶᠢᠵᠡᠢ᠃ ᠬᠦᠨᠳᠤ ᠠᠵᠢᠯ ᠬᠢᠵᠤ ᠲᠡᠶᠢᠯᠬᠦ ᠦᠭᠡᠢ ᠶᠢ ᠮᠡᠳᠡᠭᠰᠡᠨ ᠱᠸᠡᠭ ᠱᠦᠵᠢ ᠡᠳᠦᠷᠵᠢᠨ ᠢᠷᠡᠵᠤ ᠨᠠᠮᠡᠢᠢ ᠶᠢ ᠡᠷᠭᠢᠨ ᠦᠵᠡᠳᠡᠭ᠂ ᠭᠠᠭ᠋ᠠᠢ ᠶᠢᠨ ᠬᠠᠰᠢᠶ᠎ᠠ ᠪᠠᠷᠢᠵᠤ ᠦᠭᠭᠦ᠂ ᠪᠤᠷᠳᠤᠭ᠎ᠠ ᠤᠷᠤᠭᠤᠯᠬᠤ᠂ ᠭᠠᠭ᠋ᠠᠢ ᠳᠡᠵᠢᠭᠡᠬᠦ ᠵᠡᠷᠭᠡ ᠠᠵᠢᠯ ᠳᠤ ᠶᠡᠭᠡ ᠲᠡᠮᠵᠢᠯᠭᠡ ᠦᠵᠡᠭᠦᠯᠦᠭᠰᠡᠨ ᠰᠢᠤ᠂ ᠱᠧᠩ ᠱᠦᠵᠢ ᠶᠢᠨ ᠰᠡᠶᠢᠨ ᠢᠶᠠᠷ ᠮᠢᠨᠤ ᠠᠮᠢᠳᠤᠷᠠᠯ ᠰᠠᠶ᠋ᠢ ᠦᠭᠡᠳᠠ ᠲᠠᠢ ᠪᠤᠯᠤᠬᠰᠡᠨ ᠡ ᠬᠡᠮᠡᠨ ᠬᠤ᠋ ᠰᠢ ᠯᠢᠶᠠᠩ ᠪᠠᠶᠠᠷᠯᠠᠨ ᠶᠠᠷᠢᠨ᠎ᠠ᠃

  ᠤᠳᠤ ᠬᠤ᠋ ᠰᠢ ᠯᠢᠶᠠᠩ ᠭᠠᠭ᠋ᠠᠢ ᠲᠡᠵᠢᠭᠡᠭᠡᠳ ᠵᠢᠯ ᠤᠨ 4000 ᠲᠦᠬᠦᠷᠢᠭ ᠤᠨ ᠴᠡᠪᠡᠷ ᠤᠷᠤᠯᠭ᠎ᠠ ᠤᠯᠵᠤ ᠪᠠᠶᠢᠬᠤ ᠪᠠᠷ ᠪᠠᠷᠠᠬᠤ ᠦᠭᠡᠢ᠂ ᠱᠸᠡᠭ ᠶᠦᠡᠭ ᠤᠨ ᠳᠤᠬᠢᠷᠠᠭᠤᠯᠭ᠎ᠠ ᠪᠠᠷ ᠲᠠᠷᠠ ᠪᠠᠰᠠ ᠳᠤᠰᠬᠤᠨ ᠳᠠᠭᠠᠨ ᠤᠢ ᠰᠢᠭᠤᠢ ᠶᠢᠨ ᠬᠠᠮᠠᠭᠠᠯᠠᠭᠴᠢ ᠶᠢᠨ ᠠᠵᠢᠯ ᠬᠢᠵᠤ᠂ ᠵᠢᠯ ᠤᠨ 6000 ᠲᠦᠬᠦᠷᠢᠭ ᠤᠨ ᠴᠠᠯᠢᠩ ᠤᠯᠵᠤ᠂ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠮᠦᠡᠭᠬᠦ ᠵᠢᠯ ᠤᠨ 3000 ᠲᠦᠬᠦᠷᠢᠭ᠂ ᠬᠦᠷᠢᠶᠡᠯᠡᠩ ᠳᠤᠭᠤᠷᠢᠭ ᠲᠤ ᠪᠡᠯᠡ ᠤᠷᠤᠭᠤᠯᠵᠤ ᠮᠦᠡᠭᠬᠦᠨ ᠬᠦᠢᠯᠭᠡᠭᠡ ᠪᠠᠷ ᠶᠠᠳᠠᠭᠤ ᠶᠢ ᠳᠡᠳᠬᠦᠬᠦ ᠪᠠᠷ ᠳᠠᠮᠵᠢᠨ ᠵᠢᠯ ᠤᠨ 3000 ᠲᠦᠬᠦᠷᠢᠭ ᠤᠨ ᠠᠰᠢᠭ ᠤᠯᠵᠤ᠂ ᠵᠢᠯ ᠤᠨ ᠤᠷᠤᠯᠭ᠎ᠠ ᠨᠢ ᠨᠡᠶᠢᠳᠠ 15000 ᠲᠦᠭᠦᠷᠢᠭ ᠤᠷᠴᠢᠮ ᠪᠤᠯᠵᠤ᠂ ᠨᠢᠭᠡᠨᠳᠠ ᠶᠠᠳᠠᠭᠤ ᠠᠴᠠ ᠠᠩᠭᠢᠵᠢᠷᠠᠵᠠᠢ᠃

  ᠵᠸᠦ ᠯᠢ ᠹᠸᠡᠭ ᠤᠨ ᠬᠦᠰᠡᠯ ᠡᠷᠡᠮᠡᠯᠵᠡᠯ

  ᠳᠤᠰᠬᠤᠨ᠎ ᠤ ᠠᠷᠠᠳ ᠵᠸᠦ ᠯᠢ ᠹᠸᠡᠭ ᠤᠨ ᠬᠢ ᠪᠤᠯ ᠱᠸᠡᠭ ᠶᠦᠡᠭ ᠤᠨ ᠨᠢᠭᠡ ᠳᠤ ᠨᠢᠭᠡ ᠶᠢ ᠬᠠᠷᠭᠤᠭᠤᠯᠵᠤ ᠬᠠᠪᠰᠤᠷᠤᠨ ᠳᠡᠳᠬᠦᠵᠤ ᠪᠠᠶᠢᠭ᠎ᠠ ᠡᠷᠦᠭᠡ ᠮᠦᠨ᠂ 2015 ᠤᠨ ᠳᠤ ᠳᠠᠩᠰᠠᠯᠠᠵᠤ ᠺᠠᠷᠲᠯᠠᠭᠰᠠᠨ ᠤᠨᠢᠨ ᠳᠡᠭᠡᠷ᠎ᠡ ᠨᠢ ᠶᠠᠳᠠᠭᠤ ᠶᠢ ᠳᠡᠳᠬᠦᠬᠦ ᠡᠷᠦᠭᠡ ᠪᠠᠷ ᠪᠦᠷᠢᠳᠭᠡᠭᠳᠡᠪᠡ᠃ 42 ᠨᠠᠰᠤᠳᠠᠢ ᠵᠸᠦ ᠯᠢ ᠹᠸᠡᠭ ᠬᠦᠦ ᠲᠠᠢ ᠪᠠᠨ ᠬᠤᠶᠠᠭᠤᠯᠡ ᠠᠮᠢᠳᠤᠷᠡᠳᠠᠬ᠃ ᠬᠦᠦ ᠨᠢ ᠦᠨᠳᠦᠷ ᠳᠤᠮᠳᠠᠳᠤ ᠶᠢᠨ ᠭᠤᠷᠪᠠᠳᠤᠭᠠᠷ ᠤᠨ ᠳᠤ ᠪᠢᠴᠢᠭ ᠦᠵᠡᠵᠤ᠂ ᠵᠸᠦ ᠯᠢ ᠹᠸᠡᠭ ᠤᠨᠠᠳᠠᠭ ᠡᠪᠡᠳᠴᠢᠨ ᠲᠠᠢ ᠠᠴᠠ ᠬᠦᠷᠰᠢ ᠰᠠᠭᠤᠵᠤ ᠪᠠᠶᠢᠬᠤ ᠠᠪᠤ ᠡᠵᠢ ᠨᠢ ᠳᠡᠬᠦᠨ ᠢ ᠬᠠᠷᠠᠭᠠᠯᠵᠠᠳᠠᠬ ᠪᠠᠶᠢᠵᠡᠢ᠃ ᠡᠪᠡᠳᠴᠢᠨ᠎ ᠤ ᠭᠠᠢ ᠳᠤ ᠤᠨᠠᠵᠤ᠂ ᠵᠢᠯ ᠳᠤ ᠤᠯᠠᠨᠳᠠ ᠡᠮᠨᠡᠯᠭᠡ ᠳᠤ ᠪᠠᠶᠢᠴᠠᠭᠠᠯᠳᠠ ᠬᠢᠵᠤ ᠡᠮ ᠳᠠᠩ ᠠᠪᠳᠠᠭ ᠠᠴᠠ ᠭᠡᠷ ᠤᠨ ᠠᠮᠢᠳᠤᠷᠠᠯ ᠨᠢ ᠤᠯᠠᠮ ᠠᠴᠠ ᠶᠠᠳᠠᠭᠤᠷᠠᠨ ᠬᠦᠴᠢᠷᠳᠡᠵᠤ᠂ ᠰᠡᠬᠦᠯᠳᠡᠵᠤ ᠢᠷᠡᠭᠡᠳ ᠬᠦᠦ ᠶᠢᠨ ᠢᠶᠠᠨ ᠰᠤᠷᠤᠯᠭ᠎ᠠ ᠶᠢᠨ ᠰᠦᠢᠳᠬᠡᠯ ᠢ ᠴᠤ ᠳᠤᠰᠢᠶᠠᠵᠤ ᠳᠡᠶᠢᠯᠬᠦ ᠦᠭᠡᠢ ᠪᠤᠯᠵᠤ ᠰᠤᠷᠤᠯᠭ᠎ᠠ ᠶᠢ ᠨᠢ ᠲᠤᠷᠭᠤᠨ ᠵᠤᠬᠰᠤᠭᠠᠬᠤ ᠪᠤᠳᠤᠯ ᠤᠷᠤᠭᠰᠠᠨ ᠪᠠᠶᠢᠪᠠ᠃

  ᠱᠸᠡᠭ ᠱᠦᠵᠢ ᠪᠢᠳᠡᠨ ᠢ ᠡᠳᠦᠷᠵᠢᠨ ᠡᠷᠬᠢᠵᠤ ᠦᠵᠡᠨ᠎ᠡ᠂ ᠬᠤᠪᠴᠠᠰᠤ ᠬᠤᠨᠠᠷ ᠠᠴᠠ ᠭᠤᠯᠢᠷ ᠪᠤᠳᠠᠭ᠎ᠠ ᠳᠤ ᠭᠦᠷᠳᠡᠯ᠎ᠠ ᠪᠦᠷ ᠠᠪᠴᠢᠷᠠᠵᠤ ᠦᠭᠭᠦᠨ᠎ᠠ᠂ ᠪᠠᠰᠠ ᠬᠠᠷᠠᠮᠵᠢ ᠦᠭᠡᠢ ᠪᠠᠷ ᠮᠠᠠ᠎ ᠤ ᠭᠡᠷ ᠪᠠᠶᠢᠰᠢᠩ ᠳᠤ ᠱᠠᠭᠠᠵᠠᠩ ᠳᠤᠭᠤᠰᠬ᠎ᠠ ᠨᠠᠭᠠᠵᠤ᠂ ᠰᠢᠨ᠎ᠡ ᠡᠬᠦᠳᠡ ᠳᠠᠭᠠᠷᠠᠭᠤᠯᠤᠭᠠᠤᠨ᠂ ᠰᠢᠨ᠎ᠠ ᠭᠡᠷ ᠰᠢᠭ ᠪᠤᠯᠭᠠᠭᠰᠠᠨ ᠡ᠂ ᠪᠢᠳᠠ ᠴᠢᠨᠢ ᠶᠠᠮᠠᠷ ᠤᠴᠢᠷᠳᠡᠢ ᠪᠤᠯ ᠪᠦᠷ ᠯᠡ ᠱᠧᠩ ᠱᠦᠵᠢ ᠪᠠᠨ ᠡᠷᠢᠭᠡᠤᠨ ᠤᠴᠢᠨ᠎ᠠ᠂ ᠪᠢᠳᠡᠨ ᠢ ᠶᠤᠰᠤᠳᠠᠢ ᠦᠪᠡᠷ ᠤᠨ ᠡᠵᠢ ᠠᠪᠤ ᠲᠠᠢ ᠪᠠᠨ ᠠᠳᠠᠯᠢ ᠪᠤᠳᠤᠵᠤ ᠶᠠᠪᠤᠳᠠᠬ ᠡ ᠬᠡᠵᠤ ᠵᠸᠦ ᠯᠢ ᠹᠸᠡᠭ ᠤᠨ ᠠᠪᠤ ᠵᠸᠦ ᠶᠦᠡᠭ ᡁᠢ ᠬᠡᠯᠡᠨ᠎ᠡ᠃

  ᠵᠸᠦ ᠯᠢ ᠹᠸᠡᠭ ᠤᠨ ᠠᠮᠢᠳᠤᠷᠡᠯ ᠳᠤ ᠪᠠᠭ᠎ᠠ ᠴᠤ ᠭᠡᠰᠡᠨ ᠲᠤᠰᠠ ᠪᠤᠯᠬᠤ ᠶᠢ ᠪᠤᠳᠤᠵᠤ᠂ ᠱᠧᠩ ᠱᠦᠵᠢ ᠵᠸᠦ ᠯᠢ ᠹᠸᠡᠭ ᠤᠨ ᠠᠪᠤ ᠡᠵᠢ ᠲᠠᠢ ᠨᠢ ᠶᠠᠷᠢᠯᠴᠠᠵᠤ᠂ ᠦᠭᠢᠨ ᠢᠶᠠᠨ ᠬᠠᠪᠰᠤᠷᠴᠤ ᠭᠠᠭ᠋ᠠᠢ ᠲᠠᠵᠢᠭᠡᠭᠦ ᠲᠤᠬᠠᠢ ᠦᠵᠡᠯ ᠰᠠᠨᠠᠭᠠᠨ᠎ ᠤ ᠠᠵᠢᠯ ᠭᠢᠵᠤ᠂ 2016 ᠤᠨ ᠳᠤ 5 ᠭᠠᠭ᠋ᠠᠢ ᠳᠡᠵᠢᠭᠡᠯᠭᠡᠵᠤ᠂ ᠡᠨᠡ ᠵᠢᠯ ᠪᠠᠰᠠ 5 ᠶᠢ ᠨᠡᠮᠡᠵᠤ ᠳᠡᠵᠢᠭᠡᠯᠭᠡᠵᠡᠢ᠂ ᠭᠠᠭ᠋ᠠᠢ ᠶᠢᠨ ᠪᠤᠷᠳᠤᠭ᠎ᠠ ᠶᠢᠨ ᠵᠠᠷᠤᠳᠠᠯ ᠢ ᠨᠢ ᠪᠠᠭ᠎ᠠ ᠴᠤ ᠬᠡᠰᠡᠨ ᠠᠷᠪᠢᠯᠠᠵᠤ ᠦᠭᠬᠦ ᠶᠢᠨ ᠲᠦᠯᠦᠭᠡ᠂ ᠲᠡᠷᠠ ᠳᠤᠰᠬᠤᠨ ᠤ ᠪᠠᠨ ᠨᠢᠭᠡᠨ ᠴᠠᠭᠠᠨ ᠢᠳᠡᠭᠡ ᠪᠤᠯᠪᠠᠰᠤᠷᠠᠭᠤᠯᠳᠠᠭ ᠡᠷᠦᠭᠡ ᠲᠠᠢ ᠶᠠᠷᠢᠯᠴᠠᠵᠤ ᠡᠳᠦᠷ ᠪᠦ᠋ᠷᠢ ᠬᠠᠷᠠᠮᠵᠢ ᠦᠭᠡᠢ ᠪᠠᠷ ᠵᠸᠤ ᠯᠢ ᠹᠧᠩ ᠤᠨ ᠳᠤ ᠰᠢᠷ᠎ᠠ ᠤᠰᠤ ᠬᠠᠨᠭ᠍ᠭᠠᠬᠤ ᠪᠠᠷ ᠪᠤᠯᠪᠠ᠃ ᠰᠢᠷ᠎ᠡ ᠤᠰᠤ ᠪᠠᠷ ᠲᠡᠵᠢᠬᠡᠬᠦ ᠨᠢ ᠪᠤᠷᠳᠤᠭ᠎ᠠ ᠳᠤ ᠠᠷᠪᠢᠳᠠᠢ ᠪᠠᠷ ᠪᠠᠷᠠᠬᠤ ᠦᠭᠡᠢ᠂ ᠭᠠᠭ᠋ᠠᠢ ᠶᠢᠨ ᠮᠢᠬ᠎ᠠ ᠨᠢ ᠪᠠᠰᠠ ᠠᠮᠳᠠᠳᠠᠢ᠂ ᠵᠠᠬ᠎ᠠ ᠳᠡᠯᠭᠡᠭᠦᠷ ᠤᠨ ᠭᠠᠭ᠋ᠠᠢ ᠶᠢᠨ ᠮᠢᠬ᠎ᠠ 13 ᠲᠦᠭᠦᠷᠢᠭ ᠬᠦᠷᠳᠡᠭ ᠪᠤᠯ ᠮᠠᠨᠠᠶᠢᠬᠢᠨ᠎ ᠤ ᠭᠠᠭ᠋ᠠᠢ ᠶᠢᠨ ᠮᠢᠬ᠎ᠠ 18 ᠲᠦᠭᠦᠷᠢᠭ ᠬᠦᠷᠳᠡᠭ ᠰᠢᠤ᠂ ᠭᠠᠭ᠋ᠠᠢ ᠲᠡᠵᠢᠭᠡᠭᠡᠤᠨ ᠵᠢᠯ ᠳᠤ 4000 ᠭᠠᠷᠤᠢ ᠲᠦᠭᠦᠷᠢᠭ ᠤᠨ ᠤᠷᠤᠯᠭ᠎ᠠ ᠤᠯᠵᠤ ᠪᠠᠶᠢᠨ᠎ᠠ ᠬᠡᠵᠤ ᠵᠸᠦ ᠯᠢ ᠹᠸᠡᠭ ᠤᠨ ᠡᠵᠢ ᠸᠠᠩ ᠯᠢᠶᠠᠨ ᠬᠤᠸᠠ ᠪᠠᠶᠠᠷᠳᠡᠢ ᠶᠠᠷᠢᠨ᠎ᠠ᠃

  ᠤᠳᠤ ᠪᠢ ᠶᠡᠭᠡ ᠡᠪᠡᠳᠴᠢᠨ᠎ ᠤ ᠨᠦᠬᠦᠪᠦᠷᠢ ᠳᠠᠭᠠᠳᠬᠠᠯ ᠳᠤ ᠤᠷᠤᠵᠤ᠂ ᠡᠷᠡᠬᠦᠯ ᠬᠠᠮᠠᠭᠠᠯᠠᠯ ᠤᠨ ᠪᠡᠶ᠎ᠡ ᠶᠢᠨ ᠪᠠᠶᠢᠴᠠᠭᠠᠯᠳᠠ ᠶᠢᠨ ᠬᠠᠷᠠᠭᠠᠯᠵᠠᠯ ᠢ ᠪᠦᠷ ᠬᠦᠷᠳᠡᠵᠤ ᠪᠠᠶᠢᠨ᠎ᠡ᠃ ᠮᠢᠨᠤ ᠭᠦᠤ ᠴᠤ ᠵᠢᠯ ᠤᠨ 4050 ᠲᠦᠬᠦᠷᠢᠭ ᠤᠨ ᠰᠤᠷᠤᠯᠭ᠎ᠠ ᠶᠢᠨ ᠨᠦᠬᠦᠪᠦᠷᠢ ᠤᠯᠵᠤ᠂ ᠦᠷᠬᠦᠯᠵᠢᠯᠡᠨ ᠰᠤᠷᠭᠠᠭᠤᠯᠢ ᠳᠤ ᠰᠠᠭᠤᠭᠰᠠᠨ ᠡ᠂ ᠰᠤᠷᠤᠯᠭ᠎ᠠ ᠳᠠᠭᠠᠨ ᠶᠡᠭᠡ ᠰᠠᠶᠢᠨ᠂ ᠤᠳᠤ ᠠᠩᠬᠢ ᠳᠠᠭᠠᠨ ᠡᠮᠦᠨ᠎ᠡ ᠳᠠᠪᠤ ᠳᠤ ᠤᠷᠤᠵᠤ ᠪᠠᠶᠢᠨ᠎ᠡ᠂ ᠮᠠᠨ᠎ ᠤ ᠪᠦᠬᠦ ᠭᠡᠷ ᠤᠨ ᠬᠦᠰᠡᠯ ᠡᠷᠡᠮᠡᠯᠵᠡᠯ ᠰᠢᠤ ᠬᠡᠵᠤ ᠦᠭᠡ ᠳᠠᠭᠤ ᠴᠦᠬᠡᠨ ᠵᠸᠦ ᠯᠢ ᠹᠸᠡᠭ ᠴᠤ ᠭᠦᠤ ᠪᠠᠨ ᠶᠠᠷᠢᠬᠤ ᠵᠠᠭᠤᠷ᠎ᠠ ᠴᠢᠷᠡᠢ ᠳᠤᠨᠢ ᠵᠢᠷᠭᠠᠯ ᠤᠨ ᠮᠦᠰᠢᠶᠡᠳᠤ ᠲᠤᠳᠤᠷᠠᠨ᠎ᠠ᠃

  ᠰᠤᠷᠪᠤᠯᠵᠢᠯᠠᠬᠤ ᠵᠠᠭᠤᠷ᠎ᠠ ᠲᠤᠰᠬᠤᠨ᠎ ᠤ ᠠᠷᠡᠤᠨ ᠤᠳ ᠪᠦᠷ ᠡᠷᠡᠭᠡᠢ ᠭᠤᠵᠦ᠋ᠢᠯᠭᠠᠨ ᠱᠸᠡᠭ ᠶᠦᠡᠭ ᠢ ᠮᠠᠬᠳᠠᠨ᠎ᠠ᠂ ᠭᠡᠪᠡᠴᠤ ᠱᠸᠡᠭ ᠶᠦᠡᠭ᠄ ᠡᠨᠡ ᠪᠤᠯ ᠨᠢᠭᠡᠳᠤᠭᠡᠷ ᠱᠦᠵᠢ ᠶᠢᠨ ᠡᠬᠦᠷᠭᠡ ᠬᠠᠷᠢᠭᠤᠴᠠᠯᠭ᠎ᠠ ᠮᠦᠨ᠂ ᠳᠠᠷᠠᠭᠠᠴᠢ ᠶᠢᠨ ᠠᠯᠬᠤᠮ ᠳᠤ ᠪᠢ ᠳᠤᠰᠬᠤᠨ᠎ ᠤ ᠠᠷᠠᠳ ᠢᠶᠠᠨ ᠳᠠᠶᠢᠴᠢᠯᠠᠨ ᠰᠠᠭᠠᠯᠢ ᠶᠢᠨ ᠬᠤᠨᠢ ᠳᠡᠵᠢᠭᠡᠵᠤ᠂ ᠶᠠᠳᠠᠭᠤ ᠬᠦᠴᠢᠷᠳᠡᠯᠳᠠᠢ ᠤᠯᠡᠨ ᠲᠦᠮᠡᠨ ᠢᠶᠠᠨ ᠶᠠᠳᠠᠭᠤ ᠠᠴᠠ ᠠᠩᠬᠢᠵᠢᠷᠠᠭᠤᠯᠬᠤ ᠪᠠᠷ ᠪᠠᠷᠠᠬᠤ ᠦᠭᠡᠢ᠂ ᠪᠦᠬᠦ ᠳᠤᠰᠬᠤᠨ᠎ ᠤ ᠠᠷᠠᠳ ᠢᠶᠠᠨ ᠲᠠᠭᠠᠭᠤᠯᠤᠨ ᠬᠠᠮᠳᠤ ᠶᠢᠨ ᠴᠢᠨᠡᠭᠡᠯᠢᠭᠵᠢᠯ ᠢ ᠪᠡᠶᠡᠯᠡᠬᠦᠯᠦᠨ᠎ᠡ ᠬᠡᠵᠤ ᠢᠳᠡᠭᠡᠯ ᠲᠦᠭᠦᠷᠡᠩ ᠶᠠᠷᠢᠨ᠎ᠠ᠃ ᠨᠠᠶᠢᠷᠠᠭᠤᠯᠤᠭᠴᠢ᠄ ᠵᠤᠯᠠ ᠣᠷᠴᠢᠭᠤᠯᠤᠭᠴᠢ᠄

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com