ᠬᠦᠵᠡᠯᠵᠡᠭᠡᠨ᠎ᠡ ᠲᠠᠷᠢᠭᠠᠳ ᠪᠠᠶᠠᠵᠢᠯ ᠤᠨ ᠵᠠᠮ ᠢᠶᠠᠷ ᠵᠠᠮᠨᠠᠨ᠎ᠠ

  ᠡᠨᠡ ᠬᠤᠶᠠᠷ ᠲᠤᠯᠠᠭᠠᠨ ᠬᠦᠯᠡᠮᠵᠢᠨ ᠳᠤ ᠲᠠᠷᠢᠬᠰᠠᠨ ᠬᠦᠵᠡᠯᠵᠡᠬᠡᠨ᠎ᠠ ᠪᠠᠨ 6 ᠰᠠᠷ᠎ᠠ ᠶᠢᠨ ᠲᠤᠮᠳᠠᠴᠢ ᠪᠠᠷ ᠲᠡᠬᠦᠬᠡᠳ ᠪᠠᠷᠠᠴᠢᠬᠠᠬᠰᠠᠠ᠂ ᠡᠨᠡ ᠬᠡᠳᠦᠨ ᠡᠳᠦᠷ ᠮᠠᠰᠢ ᠶᠠᠭᠠᠷᠠᠤ᠂ ᠦᠯᠡᠳᠡᠭᠰᠡᠨ ᠴᠢᠬᠢ ᠶᠢ ᠨᠢ ᠦᠭᠳᠡᠬᠡᠵᠦ ᠪᠠᠷᠠᠭᠰᠠᠨ᠎ ᠤ ᠲᠠᠷᠠᠭ᠎ᠠ ᠬᠦᠯᠡᠮᠵᠢ ᠪᠠᠨ ᠡᠮ ᠢᠶᠠᠷ ᠠᠷᠢᠭᠤᠳᠬᠠᠠ ᠰᠢᠨ᠎ᠠ ᠰᠦᠯᠢᠶᠤᠤ ᠪᠠᠷ ᠲᠠᠷᠤᠵᠤ ᠪᠢᠳᠠᠬᠦᠯᠠᠠ ᠪᠠᠺᠲ᠋ᠧᠷᠢ ᠶᠢ ᠨᠢ ᠠᠯᠠᠨ᠎ᠠ᠂ 20 ᠡᠳᠤᠷ ᠤᠨ ᠲᠡᠷᠠᠭ᠎ᠠ ᠫᠧᠩ ᠢᠶᠠᠨ ᠨᠡᠬᠡᠬᠡᠵᠦ ᠰᠢᠬᠡᠭ ᠪᠤᠷᠳᠤᠭᠤᠷ ᠤᠷᠤᠭᠤᠯᠤᠠ᠂ ᠭᠠᠵᠠᠷ ᠢᠶᠠᠨ ᠤᠷᠪᠠᠭᠤᠯᠵᠦ ᠬᠡᠳᠦᠨ ᠡᠳᠦᠷ ᠬᠠᠳᠠᠭᠠᠭᠰᠠᠨ᠎ ᠤ ᠲᠠᠷᠠᠭ᠎ᠠ 8 ᠰᠠᠷ᠎ᠠ ᠶᠢᠨ ᠬᠤᠷᠢᠳ ᠢᠶᠠᠷ ᠬᠦᠵᠡᠯᠵᠡᠬᠡᠨ᠎ᠠ ᠵᠠᠶᠢᠯᠠᠪᠠᠯ᠂ 12 ᠰᠠᠷ᠎ᠠ ᠶᠢᠨ ᠲᠤᠮᠳᠠᠴᠢ ᠪᠠᠷ ᠪᠤᠯᠪᠠᠰᠤᠷᠠᠵᠥ ᠵᠠᠬ᠎ᠠ ᠲᠡᠯᠬᠡᠬᠦᠷ ᠲᠡᠬᠡᠷ᠎ᠠ ᠪᠤᠷᠤᠯᠠᠭᠤᠯᠬᠤ ᠪᠤᠯᠴᠢᠬᠠᠨ᠎ᠠ᠃ ᠤᠳᠤ ᠬᠦᠷᠢᠶᠠᠯᠠᠩ ᠲᠤᠭᠤᠷᠢᠭ ᠲᠤ ᠢᠷᠡᠵᠦ ᠵᠤᠭᠠᠴᠠᠬᠰᠠᠳ ᠲᠤ ᠬᠦᠵᠡᠯᠵᠡᠬᠡᠨ᠎ᠠ ᠲᠡᠬᠦᠬᠦ ᠬᠦᠮᠦᠨ ᠠᠷᠪᠢᠠ ᠬᠡᠵᠥ ᠸᠠᠩ ᠬᠠᠢ ᠪᠦᠸᠧ ᠰᠤᠷᠪᠤᠯᠵᠢᠯᠠᠭᠴᠢ ᠳᠤ ᠲᠡᠨᠢᠯᠴᠠᠭᠤᠯᠤᠨ᠎ᠠ᠃

  6 ᠰᠠᠷ ᠎ᠠ ᠶᠢᠨ 20᠎ ᠤ ᠡᠳᠦᠷ᠂ ᠰᠤᠷᠪᠤᠯᠵᠢᠯᠠᠬᠴᠢ ᠲᠦᠴᠢᠤᠧᠨᠨ ᠰᠢᠶᠠᠨ᠎ ᠤ ᠰᠠᠶᠢᠬᠠᠨᠬᠤᠧᠨ ᠤᠳᠤ ᠦᠶ ᠎ᠠ ᠶᠢᠨ ᠲᠠᠷᠢᠶᠠᠯᠠᠩ ᠤᠨ ᠠᠮᠢ ᠠᠬᠤᠢ ᠶᠢᠨ ᠬᠦᠷᠢᠶᠠᠯᠠᠩ ᠲᠤᠭᠤᠷᠢᠭ ᠤᠨ 165 ᠳ᠋ᠤᠭᠠᠷ ᠨᠤᠮᠧᠷᠳᠤ ᠬᠦᠯᠠᠮᠵᠢᠨ ᠳᠤ ᠤᠷᠤᠬᠤ ᠳᠤ ᠬᠦᠯᠠᠮᠵᠢ ᠶᠢᠨ ᠡᠵᠡᠨ ᠸᠠᠩ ᠬᠠᠢ ᠪᠦᠸᠧ ᠶᠠᠭᠠᠷᠠᠯᠳᠠᠢ ᠠᠵᠢᠯᠯᠠᠵᠥ ᠪᠠᠶᠢᠯ᠎ᠠ᠃ ᠸᠠᠩ ᠬᠠᠢ ᠪᠦᠸᠧ 720 ᠭᠠᠷᠤᠢ ᠲᠡᠭᠰᠢ ᠲᠦᠷᠪᠡᠯᠵᠢᠨ ᠮᠧᠲᠷ ᠤᠨ ᠲᠡᠯᠠᠪᠠᠢ ᠲᠠᠢ ᠬᠤᠶᠡᠷ ᠲᠤᠯᠠᠭᠠᠨ ᠬᠦᠯᠡᠮᠵᠢᠨ ᠳᠡᠭᠡᠨ ᠪᠦᠷ ᠬᠦᠵᠡᠯᠵᠡᠬᠡᠨ᠎ᠠ ᠲᠠᠷᠢᠵᠤ ᠪᠠᠶᠢᠨ᠎ᠠ᠃ ᠰᠢᠨ᠎ᠠ ᠵᠢᠯ ᠤᠨ ᠡᠮᠦᠨ᠎ᠠ ᠬᠤᠶᠢᠨ᠎ᠠ ᠬᠦᠵᠡᠯᠵᠡᠬᠡᠨ᠎ᠠ ᠪᠠᠨ ᠵᠠᠬ᠎ᠠ ᠲᠡᠯᠬᠡᠬᠦᠷ ᠲᠤ ᠭᠠᠷᠭᠠᠵᠦ᠂ 6 ᠰᠠᠷ᠎ᠠ ᠶᠢᠨ ᠲᠤᠮᠳᠠᠴᠢ ᠪᠠᠷ ᠲᠡᠬᠦᠵᠥ ᠲᠠᠭᠤᠰᠳᠠᠯ᠎ᠠ ᠡᠨᠡ ᠬᠤᠶᠠᠷ ᠲᠤᠯᠠᠭᠠᠠ ᠬᠦᠯᠡᠮᠵᠢᠨ ᠠᠴᠠ ᠪᠠᠨ 15 ᠲᠦᠮᠡᠨ ᠲᠦᠭᠦᠷᠢᠭ ᠤᠨ ᠤᠷᠤᠯᠭ᠎ᠠ ᠤᠯᠤᠭᠰᠠᠠ ᠶᠤᠮ ᠪᠠᠶᠢᠨ᠎ᠠ᠃ ᠸᠠᠩ ᠬᠠᠢ ᠪᠦᠸᠧ ᠪᠤᠯ ᠲᠦᠴᠢᠤᠧᠨᠨ ᠰᠢᠶᠠᠨ᠎ ᠤ ᠲᠠᠶᠢᠫᠢᠩ ᠰᠢᠶᠠᠩ ᠤᠨ ᠡᠦ ᠰᠢᠩ ᠲᠤᠰᠬᠤᠨ᠎ ᠤ ᠲᠡᠷᠢᠶᠠᠴᠢᠠ᠂ ᠦᠡᠭᠬᠡᠷᠡᠭᠰᠡᠨ ᠳᠤ ᠲᠤᠰᠬᠤᠨ ᠳᠠᠭᠠᠨ ᠨᠡᠷᠡᠳᠡᠢ ᠶᠠᠳᠠᠭᠤ ᠬᠦᠴᠢᠷᠳᠠᠯᠳᠠᠢ ᠡᠷᠤᠬᠡ᠂ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠬᠦᠷᠳᠡᠵᠥ ᠪᠠᠶᠢᠪᠠ᠃ ᠬᠡᠷ ᠲᠡᠭᠡᠨ 5 ᠠᠮᠠ ᠪᠦᠯᠢ ᠲᠠᠢ᠂ 70 ᠭᠠᠷᠤᠬᠰᠠᠨ ᠨᠠᠰᠤᠳᠠᠢ ᠡᠵᠢ ᠨᠢ ᠵᠢᠯ ᠲᠤᠵᠢ ᠡᠮ ᠲᠠᠩ ᠤᠤᠭᠤᠨ᠎ᠠ᠂ ᠬᠤᠶᠠᠷ ᠬᠡᠤᠬᠡᠳ ᠤᠨ ᠬᠢᠨᠢ ᠰᠤᠷᠤᠯᠭ᠎ᠠ ᠶᠢᠨ ᠵᠠᠷᠤᠳᠠᠯ ᠰᠦᠢᠳᠬᠡᠯ ᠨᠢ ᠴᠤ ᠪᠠᠭ᠎ᠠ ᠦᠬᠡᠢ᠃ ᠡᠮᠦᠨ᠎ᠠ ᠬᠡᠳᠦᠨ ᠵᠢᠯ᠂ ᠲᠤᠰ ᠰᠢᠶᠠᠨ ᠲᠦᠬᠦᠬᠡᠷᠤᠮᠵᠢᠳᠤ ᠲᠠᠷᠢᠶᠠᠯᠠᠩ ᠢ ᠶᠡᠭᠡ ᠪᠠᠷ ᠬᠦᠭᠵᠢᠬᠦᠯᠦᠭᠰᠠᠨ ᠳᠤ ᠸᠠᠩ ᠬᠠᠢ ᠪᠦᠸᠧ ᠬᠠᠮᠤᠭ ᠲᠦᠷᠦᠬᠦᠨ ᠳᠤ ᠨᠡᠷ᠎ᠠ ᠮᠡᠳᠡᠬᠦᠯᠵᠡᠢ᠃ ᠡᠨᠡ ᠬᠦ ᠰᠢᠢᠳᠪᠦᠷᠢ ᠨᠢ ᠲᠡᠬᠦᠠ᠎ ᠤ ᠠᠮᠢᠳᠤᠷᠠᠯ ᠤᠨ ᠪᠠᠶᠢᠳᠠᠯ ᠢ ᠬᠤᠪᠢᠷᠠᠭᠤᠯᠤᠭᠰᠠᠠ ᠢᠶᠠᠷ ᠪᠠᠷᠠᠬᠤ ᠦᠬᠡᠢ ᠮᠦᠨᠴᠤ ᠲᠡᠬᠦᠠ ᠢ ᠪᠠᠶᠠᠵᠢᠯ ᠤᠨ ᠬᠠᠷᠭᠤᠢ ᠳᠤ ᠬᠦᠳᠦᠯᠵᠡᠢ᠃

  ᠤᠢᠢᠯᠠᠭᠠᠭᠰᠠᠨ ᠢᠶᠠᠷ᠂ ᠨᠢᠳᠤᠨᠤᠨ᠎ ᠤ ᠵᠢᠯ ᠤᠨ ᠰᠡᠬᠦᠯᠴᠢ ᠪᠤᠯᠳᠠᠯ᠎ᠠ᠂ ᠲᠤᠰ ᠰᠢᠶᠠᠨ ᠨᠠᠷᠠᠨ ᠬᠡᠷᠡᠯ ᠤᠨ ᠲᠤᠯᠠᠭᠠᠨ ᠬᠦᠯᠡᠮᠵᠢ 1. 5 ᠲᠦᠮᠡ ᠪᠠᠶᠢᠭᠤᠯᠵᠥ᠂ ᠤᠯᠠᠷᠢᠯ ᠤᠨ ᠪᠤᠰᠤ ᠢᠳᠠᠰᠢᠨ ᠨᠤᠭᠤᠭ᠎ᠠ 12 ᠲᠦᠮᠡᠨ ᠲᠤᠨ ᠬᠤᠷᠢᠶᠠᠵᠡᠢ᠃ 36 ᠳ᠋ᠦᠩᠰᠢᠭᠤᠷ ᠲᠦᠭᠦᠷᠢᠭ ᠤᠨ ᠪᠠᠯᠠ ᠤᠷᠤᠭᠤᠯᠵᠥ᠂ 3 ᠲᠦᠮᠡᠨ ᠮᠦ ᠶᠢᠨ ᠲᠡᠯᠠᠪᠠᠢ ᠲᠠᠢ ᠱᠦ ᠭᠤᠧᠠᠩ ᠤᠳᠤ ᠦᠶ᠎ᠠ ᠶᠢᠨ ᠲᠠᠷᠢᠶᠠᠯᠠᠩ ᠤᠨ ᠡᠷᠬᠢᠯᠳᠡᠳᠤ ᠠᠵᠦ ᠠᠬᠤᠢ ᠶᠢᠨ ᠬᠦᠷᠢᠶᠠᠯᠠᠩ ᠲᠤᠭᠤᠷᠢᠭ ᠢ ᠲᠡᠰ ᠲᠡᠪᠰᠢᠬᠦᠯᠤᠠ ᠠᠶᠢᠮᠠᠭ ᠤᠨ ᠲᠡᠰ ᠤᠨ ᠮᠠᠯ ᠠᠵᠦ ᠠᠬᠤᠢ ᠲᠡᠷᠢᠶᠠᠯᠠᠩ ᠦᠢᠯᠡᠳᠪᠤᠷᠢᠯᠠᠯ ᠤᠨ ᠵᠢᠱᠢᠶ᠎ᠠ ᠦᠵᠡᠬᠦᠯᠬᠦ ᠬᠦᠷᠢᠶᠠᠯᠠᠩ ᠲᠤᠭᠤᠷᠢᠭ ᠪᠤᠯᠭᠠᠵᠦ᠂ ᠨᠢᠬᠡᠨᠳᠡ 40 ᠭᠠᠷᠤᠢ ᠲᠤᠰᠬᠠᠢ ᠬᠤᠷᠰᠢᠶ᠎ᠠ ᠨᠤᠳᠤᠭᠰᠢᠪᠠ᠃

  ᠲᠤᠯᠠᠭᠠᠨ ᠬᠦᠯᠡᠮᠵᠢ ᠵᠢᠯ ᠤᠨ ᠲᠦᠷᠪᠡᠨ ᠤᠯᠠᠷᠢᠯ ᠳᠤ ᠪᠦᠷ ᠲᠠᠷᠢᠵᠦ ᠪᠤᠯᠤᠨ᠎ᠠ᠂ ᠮᠢᠨᠦ ᠡᠨᠡ ᠬᠤᠶᠠᠷ ᠲᠤᠯᠠᠭᠠᠨ ᠬᠦᠯᠡᠮᠵᠢ ᠶᠢᠨ ᠵᠢᠯ ᠤᠨ ᠤᠷᠤᠯᠭ᠎ᠠ 15 ~16 ᠲᠦᠮᠡᠨ ᠲᠦᠭᠦᠷᠢᠭ ᠬᠦᠷᠬᠦ ᠳᠤ ᠠᠰᠠᠭᠤᠳᠠᠯ ᠦᠬᠡᠢ᠂ ᠡᠶᠢᠮᠦ ᠰᠠᠶᠢᠨ ᠶᠠᠪᠤᠳᠠᠯ ᠦᠡᠭᠬᠡᠷᠡᠭᠰᠡᠨ ᠳᠤ ᠵᠡᠬᠦᠳᠤᠠ ᠳᠤ ᠴᠦ ᠤᠷᠤᠵᠦ ᠦᠡᠭᠬᠡᠷᠡᠭᠰᠡᠡ ᠦᠬᠡᠢ᠂ ᠡᠳᠦᠬᠡ ᠨᠠᠮ ᠵᠠᠰᠠᠭ ᠤᠨ ᠲᠦᠷᠦ ᠶᠢᠨ ᠪᠤᠳᠤᠯᠭ᠎ᠠ ᠤᠯᠠᠮ ᠠᠴᠠ ᠤᠯᠠᠮ ᠰᠠᠶᠢᠨ ᠪᠤᠯᠵᠦ ᠪᠠᠶᠢᠨ᠎ᠠ᠂ ᠪᠢᠳᠡ ᠴᠤ ᠨᠢᠬᠡᠨᠳᠡ ᠪᠠᠶᠠᠵᠢᠯ ᠤᠨ ᠵᠠᠮ ᠳᠠᠭᠠᠨ ᠤᠷᠤᠴᠢᠬᠠᠯ᠎ᠠ ᠬᠡᠵᠦ ᠸᠠᠩ ᠬᠠᠢ ᠪᠦᠸᠧ ᠰᠤᠷᠪᠤᠯᠵᠢᠯᠠᠭᠴᠢ ᠳᠤ ᠲᠤᠭᠳᠤᠯᠤᠩᠬᠠᠠ ᠶᠠᠷᠢᠨ᠎ᠠ᠃

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com