20 ᠵᠢᠯ 《ᠰᠢᠯᠵᠢᠯᠳᠠ ᠶᠢᠨ ᠰᠦᠷᠦᠭ》 ᠲᠠᠯᠪᠢᠵᠤ ᠶᠠᠳᠠᠭᠤ ᠶᠢ ᠳᠡᠳᠭᠦᠭᠰᠡᠨ ᠢᠶᠠᠷ ᠬᠤᠯᠤᠰᠤᠳᠠᠢ ᠭᠠᠴᠠᠭ᠎ᠠ ᠶᠠᠳᠠᠭᠤ ᠬᠦ᠋ᠴᠢᠷᠳᠡᠯᠳᠠᠢ ᠮᠠᠯᠴᠢᠳ ᠲᠤ 2000 ᠭᠠᠷᠤᠢ ᠲᠦᠮᠡᠨ ᠲᠦᠭᠦᠷᠢᠭ ᠤᠨ ᠠᠰᠢᠭ ᠬᠦᠷᠲᠡᠭᠡᠵᠡᠢ

  ᠬᠤᠨ ᠭᠠᠯᠠᠭᠤᠨ᠎ ᠤ ᠨᠤᠳᠤᠭ ᠬᠡᠮᠡᠭᠳᠡᠭᠰᠡᠨ ᠬᠤᠯᠤᠰᠤᠳᠠᠢ ᠨᠠᠭᠤᠷ ᠤᠨ ᠬᠦᠪᠡᠭᠡᠨ ᠳᠠᠬᠢ ᠤᠷᠠᠳ ᠤᠨ ᠮᠠᠯᠴᠢᠳ ᠰᠢᠯᠵᠢᠯᠳᠠ ᠶᠢᠨ ᠰᠦᠷᠦᠭ ᠠᠴᠠ ᠠᠰᠢᠭ ᠬᠦᠷᠳᠡᠨ᠂ ᠴᠢᠨᠡᠭᠡᠯᠢᠭ ᠠᠮᠢᠳᠤᠷᠠᠯ ᠤᠨ ᠠᠶᠠᠨ᠎ ᠤ ᠵᠢᠯᠤᠭᠤ ᠪᠠᠨ ᠰᠤᠩᠭᠠᠵᠤ᠂ ᠵᠤᠯ ᠵᠢᠷᠭᠠᠯᠳᠠᠢ ᠠᠵᠤ ᠲᠦᠷᠦᠵᠤ ᠪᠠᠶᠢᠨ᠎ᠠ᠃ 5 ᠰᠠᠷ᠎ᠠ ᠶᠢᠨ 22 ᠤᠨ ᠡᠳᠦᠷ᠂ ᠰᠤᠷᠪᠤᠯᠵᠢᠯᠠᠭᠴᠢ ᠪᠠᠶᠠᠨᠨᠠᠭᠤᠷ ᠬᠤᠳᠠ ᠶᠢᠨ ᠤᠷᠠᠳ ᠤᠨ ᠳᠤᠮᠳᠠᠳᠤ ᠬᠤᠰᠢᠭᠤᠨ᠎ ᠤ ᠬᠤᠯᠤᠰᠤᠳᠠᠢ ᠰᠤᠮᠤᠨ᠎ ᠤ ᠮᠠᠯᠴᠢᠨ ᠠᠶᠢᠯ ᠤᠳ ᠢᠶᠠᠷ ᠬᠦᠨᠵᠡᠭᠡᠶᠢᠷᠡᠨ ᠰᠤᠷᠪᠤᠯᠵᠢᠯᠠᠬᠤ ᠳᠠᠭᠠᠨ ᠤᠢᠢᠯᠠᠭᠠᠭᠰᠠᠨ ᠢᠶᠠᠷ᠂ ᠭᠤᠷᠪᠠ ᠶᠢ ᠳᠠᠳᠠᠪᠤᠷᠢᠯᠠᠵᠤ ᠳᠠᠪᠤ ᠶᠢ ᠨᠢᠭᠡᠳᠦᠯᠵᠢᠭᠦᠯᠬᠦ ᠦᠶ᠎ᠠ ᠳᠤ ᠬᠤᠯᠤᠰᠤᠳᠠᠢ ᠭᠠᠴᠠᠭ᠎ᠠ 500 ᠨᠡᠶᠢᠳᠡ ᠶᠢᠨ ᠢᠮᠠᠭ᠎ᠠ ᠲᠠᠢ ᠪᠤᠯᠤᠬᠰᠠᠨ ᠪᠦᠭᠡᠳ ᠡᠨᠡ ᠢᠮᠠᠭᠠᠨ ᠰᠦᠷᠦᠭ ᠢᠶᠠᠨ ᠶᠠᠳᠠᠭᠤ ᠶᠢ ᠲᠡᠳᠬᠦᠬᠦ ᠰᠢᠯᠵᠢᠯᠳᠠ ᠶᠢᠨ ᠰᠦᠷᠦᠭ ᠪᠤᠯᠭᠠᠬᠰᠠᠨ ᠢᠶᠠᠷ᠂ ᠤᠳᠤᠬᠠᠨ ᠪᠤᠯᠳᠠᠯ᠎ᠠ ᠲᠤᠰ ᠭᠠᠴᠠᠭᠠᠨ᠎ ᠤ ᠠᠮᠢᠳᠤᠷᠠᠯ ᠬᠦ᠋ᠴᠢᠷᠳᠡᠯᠳᠠᠢ ᠮᠠᠯᠴᠢᠳ ᠲᠤ 2000 ᠭᠠᠷᠤᠢ ᠲᠦᠮᠡᠨ ᠲᠦᠭᠦᠷᠢᠭ ᠤᠨ ᠠᠰᠢᠭ ᠬᠦᠷᠳᠡᠭᠡᠵᠡᠢ᠃

  ᠬᠤᠯᠤᠰᠤᠳᠠᠢ ᠭᠠᠴᠠᠭᠠᠨ᠎ ᠤ ᠳᠤᠭᠳᠠᠭᠠᠯ ᠢᠶᠠᠷ ᠪᠤᠯ᠂ ᠰᠢᠯᠵᠢᠯᠳᠠ ᠶᠢᠨ ᠰᠦᠷᠦᠭ ᠢ ᠳᠠᠭᠠᠭᠠᠴᠢᠯᠠᠬᠤ ᠳᠤ ᠬᠤᠪᠢ ᠡᠷᠦᠭᠡ ᠠᠴᠠ ᠭᠤᠶᠤᠴᠢᠯᠠᠭᠰᠠᠨ ᠰᠠᠭᠤᠷᠢᠨ ᠲᠡᠭᠡᠷ᠎ᠠ ᠭᠠᠴᠠᠭᠠᠨ᠎ ᠤ ᠤᠳᠤᠷᠢᠳᠬᠤ ᠪᠠᠭ ᠠᠴᠠ ᠰᠤᠳᠤᠯᠤᠨ ᠶᠠᠷᠢᠯᠴᠠᠵᠤ ᠠᠯᠢ ᠠᠶᠢᠯ ᠳᠤ ᠲᠠᠭᠠᠭᠠᠴᠢᠯᠠᠨ ᠦᠭᠭᠦ ᠪᠠᠨ ᠳᠤᠭᠳᠠᠭᠠᠵᠤ᠂ ᠵᠢᠯ ᠪᠤᠯᠭᠠᠨ᠎ ᠤ 8 ᠰᠠᠷ᠎ᠠ ᠶᠢᠨ 15᠎ ᠤ ᠡᠳᠦᠷ ᠭᠠᠴᠠᠭᠠᠨ᠎ ᠤ ᠰᠢᠯᠵᠢᠯᠳᠠ ᠶᠢᠨ ᠰᠦᠷᠦᠭ ᠤᠨ ᠢᠮᠠᠭ᠎ᠠ ᠶᠢᠨ ᠳᠤᠬᠠᠢ ᠪᠠᠶᠢᠴᠠᠭᠠᠯᠳᠠ ᠬᠢᠵᠤ᠂ ᠳᠠᠬᠢᠨᠳᠠ ᠳᠠᠭᠠᠭᠠᠴᠢᠯᠠᠨ ᠠᠪᠬᠤ ᠬᠡᠷ᠎ᠠ ᠳᠤᠭᠳᠠᠳᠠᠭ ᠪᠠᠶᠢᠨ᠎ᠠ᠃ ᠰᠢᠯᠵᠢᠯᠳᠡ ᠶᠢᠨ ᠰᠦᠷᠦᠭ ᠤᠨ ᠢᠮᠠᠭ᠎ᠠ ᠶᠢ ᠨᠢᠭᠡ ᠮᠠᠯᠴᠢᠨ ᠠᠶᠢᠯ ᠠᠴᠠ ᠨᠦᠭᠦᠭᠡ ᠮᠠᠯᠴᠢᠨ ᠠᠶᠢᠯ ᠳᠤ ᠰᠢᠯᠵᠢᠭᠦᠯᠬᠦ ᠳᠤ ᠡᠷᠬᠡᠪᠰᠢ 3 - 4 ᠨᠠᠰᠤᠨ᠎ ᠤ ᠡᠮ᠎ᠠ ᠢᠮᠠᠭ᠎ᠠ ᠪᠠᠶᠢᠬᠤ ᠬᠡᠷᠡᠭ ᠲᠠᠢ ᠪᠦᠭᠡᠳ ᠨᠤᠯᠤᠤᠷ ᠤᠨ ᠤᠷᠤᠯᠭ᠎ᠠ ᠪᠤᠯᠤᠨ ᠲᠦᠯ ᠳᠤᠰᠤᠭᠰᠠᠨ ᠤᠷᠤᠯᠭ᠎ᠠ ᠶᠢ ᠬᠤᠪᠢᠶᠠᠷᠢᠯᠠᠬᠤ ᠳᠤᠬᠠᠢ ᠨᠠᠷᠢᠨ ᠳᠤᠭᠳᠠᠭᠠᠯ ᠭᠠᠷᠭᠠᠭᠰᠠᠨ ᠪᠠᠶᠢᠨ᠎ᠠ᠃ ᠬᠤᠯᠤᠰᠤᠳᠠᠢ ᠭᠠᠴᠠᠭᠠᠨ᠎ ᠤ ᠳᠠᠷᠤᠭ᠎ᠠ ᠶᠢᠨ ᠠᠵᠢᠯ ᠢ 18 ᠵᠢᠯ ᠬᠠᠷᠢᠭᠤᠴᠠᠭᠰᠠᠨ ᠰᠢᠷᠡᠭᠦᠦ ᠪᠤᠯ ᠡᠨᠡᠭᠦ ᠰᠢᠯᠵᠢᠯᠳᠠ ᠶᠢᠨ ᠰᠦᠷᠦᠭ ᠤᠨ ᠠᠩᠬᠠᠨ᠎ ᠤ 500 ᠡᠮ᠎ᠠ ᠢᠮᠠᠭ᠎ᠠ ᠶᠢ ᠬᠡᠷᠭᠢᠨ ᠮᠠᠯᠴᠢᠳ ᠲᠤ ᠳᠠᠭᠠᠭᠠᠴᠢᠯᠠᠭᠤᠯᠵᠤ᠂ ᠬᠡᠷᠭᠢᠨ ᠬᠤᠷᠢᠶᠠᠨ ᠠᠪᠬᠤ ᠳᠤᠬᠠᠢ ᠠᠷᠭ᠎ᠠ ᠪᠤᠳᠤᠯᠭ᠎ᠠ ᠳᠤᠭᠳᠠᠭᠠᠭᠰᠠᠨ ᠬᠦᠮᠦᠨ᠎ ᠤ ᠨᠢᠭᠡ ᠨᠢ ᠪᠤᠯᠬᠤ ᠶᠤᠮ᠃ ᠰᠢᠯᠵᠢᠯᠳᠠ ᠶᠢᠨ ᠰᠦᠷᠦᠭ ᠢ ᠳᠠᠭᠠᠭᠠᠴᠢᠯᠠᠬᠤ ᠬᠤᠭᠤᠴᠠᠭ᠎ᠠ ᠶᠢ ᠭᠤᠷᠪᠠᠨ ᠵᠢᠯ ᠢᠶᠠᠷ ᠨᠢᠭᠡ ᠦᠶᠡᠯᠡᠯ ᠪᠤᠯᠭᠠᠵᠤ᠂ ᠭᠤᠷᠪᠠᠳᠤᠭᠠᠷ ᠵᠢᠯ ᠳᠤ ᠳᠠᠭᠠᠭᠠᠴᠢᠯᠠᠨ ᠠᠪᠤᠭᠰᠠᠨ ᠨᠠᠶᠢᠳᠡ ᠶᠢᠨ ᠢᠮᠠᠭ᠎ᠠ ᠶᠢᠨ 10% ᠤᠨ ᠬᠠᠷᠢᠴᠠᠯ ᠢᠶᠠᠷ ᠨᠡᠶᠢᠳᠡ ᠳᠤ ᠨᠢᠭᠡ ᠤᠳᠠᠭ᠎ᠠ ᠲᠦᠯ ᠳᠤᠰᠢᠶᠠᠬᠤ ᠠᠴᠠ ᠭᠠᠳᠠᠨ᠎ᠠ᠂ ᠪᠤᠰᠤᠳ ᠲᠦᠯ ᠢ ᠨᠢ ᠪᠦᠬᠦᠨ ᠢ ᠲᠠᠭᠠᠭᠠᠴᠢᠯᠠᠨ ᠠᠪᠤᠬᠰᠠᠨ ᠠᠶᠢᠯ ᠳᠤ ᠦᠭᠳᠡᠭ᠃ ᠢᠮᠠᠭ᠎ᠠ ᠪᠦᠷᠢ ᠠᠴᠠ ᠨᠤᠯᠤᠤᠷ ᠬᠤᠳᠠᠯᠳᠤᠭᠰᠠᠨ ᠵᠤᠭᠤᠰ ᠤᠨ 20% ᠢ ᠨᠢ ᠭᠠᠴᠠᠭᠠᠨ᠎ ᠤ ᠨᠡᠶᠢᠳᠡ ᠶᠢᠨ ᠳᠠᠩᠰᠠᠨ ᠳᠤ ᠤᠷᠤᠭᠤᠯᠪᠠᠯ ᠪᠤᠰᠤᠳ ᠢ ᠨᠢ ᠪᠦᠬᠦᠨ ᠢ ᠮᠠᠯᠴᠢᠨ ᠠᠶᠢᠯ ᠤᠨ ᠤᠷᠤᠯᠭ᠎ᠠ ᠪᠤᠯᠭᠠᠳᠠᠭ᠃ 500 ᠨᠡᠶᠢᠳᠡ ᠶᠢᠨ ᠢᠮᠠᠭ᠎ᠠ 20 ᠵᠢᠯ ᠪᠤᠯᠬᠤ ᠳᠤ ᠠᠷᠠᠢ ᠭᠡᠵᠤ 803 ᠪᠤᠯᠤᠨ ᠨᠡᠮᠡᠭᠳᠡᠵᠤ᠂ ᠤᠷᠢᠳ ᠬᠤᠵᠢᠳ ᠭᠠᠴᠠᠭᠠᠨ᠎ ᠤ 126 ᠮᠠᠯᠴᠢᠨ ᠡᠷᠦᠭᠡ ᠶᠢᠨ 40 ᠭᠠᠷᠤᠢ ᠡᠷᠦᠭᠡ ᠳᠤ ᠰᠢᠯᠵᠢᠭᠦᠯᠦᠨ ᠳᠡᠵᠢᠭᠡᠯᠭᠡᠵᠤ᠂ ᠮᠠᠯᠴᠢᠳ ᠤᠨ ᠭᠠᠷ ᠲᠤ ᠤᠷᠤᠭᠰᠠᠨ ᠲᠦᠯ ᠤᠨ ᠤᠷᠤᠯᠭ᠎ᠠ ᠬᠢᠭᠡᠳ ᠨᠤᠯᠤᠤᠷ ᠤᠨ ᠤᠷᠤᠯᠭ᠎ᠠ ᠶᠢᠨ ᠨᠠᠷᠢᠨ ᠳᠠᠩᠰᠠ ᠶᠢ ᠪᠤᠳᠤᠬᠤ ᠳᠤ ᠲᠤᠩ ᠲᠦᠪᠡᠭᠳᠠᠢ ᠶᠤᠮ᠂ ᠪᠢ ᠭᠠᠴᠠᠭᠠᠨ᠎ ᠤ ᠨᠢᠭᠳᠠᠯᠠᠨ ᠪᠤᠳᠤᠭᠴᠢ ᠲᠠᠢ ᠬᠠᠮᠳᠤᠷᠠᠵᠤ ᠳᠤᠮᠳᠠᠴᠢ ᠳᠤᠭ᠎ᠠ ᠪᠠᠷ ᠪᠠᠷᠤᠭᠴᠠᠭᠠᠯᠠᠨ ᠪᠤᠳᠤᠵᠤ ᠦᠵᠡᠭᠦ ᠳᠤ᠂ ᠮᠠᠨ᠎ ᠤ ᠭᠠᠴᠠᠭᠠᠨ᠎ ᠤ ᠰᠢᠯᠵᠢᠯᠳᠡ ᠶᠢᠨ ᠰᠦᠷᠦᠭ ᠤᠨ ᠠᠮᠢᠳᠤᠷᠠᠯ ᠬᠦᠴᠢᠷᠳᠡᠯᠳᠠᠢ ᠮᠠᠯᠴᠢᠳ ᠲᠤ ᠤᠯᠭᠤᠭᠰᠠᠨ ᠦᠷ᠎ᠠ ᠠᠰᠢᠭ 2000 ᠲᠦᠮᠡᠨ ᠲᠦᠭᠦᠷᠢᠭ ᠢ ᠳᠠᠪᠠᠭᠰᠠᠨ ᠪᠠᠶᠢᠨ᠎ᠠ᠃ ᠭᠠᠴᠠᠭᠠᠨ ᠳᠠᠷᠤᠭ᠎ᠠ ᠰᠢᠷᠠᠭᠦᠦ ᠨᠢᠭᠡ ᠦᠳᠡ ᠶᠢᠨ ᠬᠤᠶᠢᠨᠠᠬᠢ ᠴᠠᠭ ᠢ ᠬᠡᠷᠡᠭᠰᠡᠨ ᠡᠨᠡᠭᠦ ᠳᠠᠩᠰᠠ ᠶᠢ ᠪᠤᠳᠤᠵᠤ ᠭᠠᠷᠭᠠᠬᠰᠠᠨ ᠪᠠᠶᠢᠯ᠎ᠠ᠃

  ᠬᠤᠯᠤᠰᠤᠳᠠᠢ ᠭᠠᠴᠠᠭᠠᠨ᠎ ᠤ ᠨᠠᠮ ᠤᠨ ᠡᠬᠦᠷ ᠤᠨ ᠱᠦᠵᠢ ᠭᠡᠰᠢᠭᠳᠦ (ᠪᠠᠷᠠᠭᠤᠨ) ᠰᠢᠯᠵᠢᠯᠳᠡ ᠶᠢᠨ ᠰᠦᠷᠦᠭ ᠢ ᠬᠤᠷᠢᠨ ᠵᠢᠯ ᠳᠠᠭᠠᠭᠠᠴᠢᠯᠠᠨ ᠮᠠᠯᠵᠢᠭᠰᠠᠨ ᠤᠳᠬᠤᠨᠬᠤᠸᠠᠷ ᠤᠨ ᠳᠤ ᠬᠦᠷᠴᠤ ᠪᠠᠶᠢᠳᠠᠯ ᠤᠢᠢᠯᠠᠭᠠᠵᠦ ᠪᠠᠶᠢᠨ᠎ᠠ᠃

  ᠰᠤᠷᠪᠤᠯᠵᠢᠯᠠᠬᠴᠢ ᠰᠢᠯᠢᠨᠭᠡᠷᠡᠯ ᠰᠡᠭᠦᠳᠡᠷᠯᠡᠪᠡ

  ᠳᠤᠰ ᠭᠠᠴᠠᠭ᠎ᠠ ᠰᠢᠯᠵᠢᠯᠳᠠ ᠶᠢᠨ ᠰᠦᠷᠦᠭ ᠢᠶᠠᠷ ᠭᠠᠴᠠᠭᠠᠨ ᠤ ᠪᠠᠨ ᠠᠮᠢᠳᠤᠷᠠᠯ ᠬᠦᠴᠢᠷᠳᠠᠯᠳᠠᠢ ᠮᠠᠯᠴᠢᠳ ᠢ ᠳᠡᠮᠵᠢᠭᠦ ᠪᠠᠷ ᠵᠤᠷᠢᠯᠭ᠎ᠠ ᠪᠠᠨ ᠪᠤᠯᠭᠠᠵᠤ᠂ ᠨᠡᠶᠢᠳᠡ ᠶᠢᠨ ᠰᠦᠷᠦᠭ ᠢ ᠰᠢᠯᠵᠢᠭᠦᠯᠦᠨ ᠳᠡᠵᠢᠭᠡᠯᠭᠡᠭᠦ ᠠᠷᠭ᠎ᠠ ᠬᠡᠮᠵᠢᠶ᠎ᠠ ᠶᠢᠨ ᠠᠩᠬᠠᠨ᠎ ᠤ ᠳᠤᠭᠳᠠᠭᠠᠯ ᠢ ᠬᠡᠷᠡᠭᠵᠢᠭᠦᠯᠦᠭᠰᠡᠨ ᠠᠴᠠ ᠨᠠᠰᠢ 20 ᠵᠢᠯ ᠳᠤ ᠤᠭ ᠰᠠᠨᠠᠭ᠎ᠠ ᠪᠠᠨ ᠶᠠᠭ ᠬᠤᠪᠢᠷᠠᠭᠤᠯᠤᠭᠰᠠᠨ ᠦᠭᠡᠢ᠃ ᠮᠠᠯᠴᠢᠨ ᠤᠳᠬᠤᠨᠬᠤᠸᠠᠷ ᠪᠤᠯ ᠬᠠᠮᠤᠭ ᠤᠨ ᠠᠩᠬ᠎ᠠ ᠭᠠᠴᠠᠭᠠᠨ᠎ ᠤ ᠰᠢᠯᠵᠢᠯᠳᠡ ᠶᠢᠨ ᠰᠦᠷᠦᠭ ᠢ ᠲᠠᠭᠠᠭᠠᠴᠢᠯᠠᠨ ᠠᠪᠤᠬᠰᠠᠨ 15 ᠡᠷᠦᠭᠡ ᠶᠢᠨ ᠨᠢᠭᠡ ᠪᠤᠯᠬᠤ ᠪᠦᠭᠡᠳ ᠠᠩᠬ᠎ᠠ 19 ᠢᠮᠠᠭ᠎ᠠ ᠰᠢᠯᠵᠢᠬᠦᠯᠤᠨ ᠠᠪᠤᠭᠰᠠᠨ ᠶᠤᠮ᠂ ᠰᠡᠭᠦᠯ ᠳᠤᠨᠢ ᠪᠠᠰᠠ ᠠᠷᠪᠠ ᠭᠠᠷᠤᠢ ᠢᠮᠠᠭ᠎ᠠ ᠰᠢᠯᠵᠢᠭᠦᠯᠦᠨ ᠠᠪᠴᠦ᠂ ᠨᠢᠳᠤᠨᠤᠨ᠎ ᠤ 8 ᠰᠠᠷ᠎ᠠ ᠶᠢᠨ 15᠎ ᠤ ᠡᠳᠦᠷ ᠪᠤᠯᠬᠤ ᠳᠤ ᠰᠢᠯᠵᠢᠯᠳᠠ ᠶᠢᠨ ᠰᠦᠷᠦᠭ ᠨᠢ 85 ᠪᠤᠯᠵᠠᠢ᠃ ᠳᠡᠳᠡᠨᠠᠶᠢᠬᠢᠨ ᠤᠳᠤ ᠪᠤᠯᠬᠤ ᠳᠤ ᠬᠤᠪᠢᠨ ᠳᠠᠭᠠᠨ 300 ᠭᠠᠷᠤᠢ ᠢᠮᠠᠭ᠎ᠠ ᠲᠠᠢ ᠪᠤᠯᠤᠬᠰᠠᠨ ᠪᠦᠭᠡᠳ 100 ᠳᠡᠭᠰᠢ ᠲᠦᠷᠪᠡᠯᠵᠢᠨ ᠮᠧᠲᠷ ᠤᠨ ᠳᠤᠭᠤᠰᠬᠠᠨ ᠪᠠᠶᠢᠰᠢᠩ᠂ 200 ᠭᠠᠷᠤᠢ ᠳᠡᠭᠰᠢ ᠳᠦᠷᠪᠡᠯᠵᠢᠨ ᠮᠧᠲᠷ ᠤᠨ ᠳᠠᠯᠠᠪᠠᠢ ᠪᠦᠬᠦᠢ ᠮᠠᠯ ᠤᠨ ᠫᠧᠩ ᠰᠠᠷᠠᠪᠴᠢ᠂ ᠬᠤᠶᠠᠷ ᠪᠠᠭ᠎ᠠ ᠮᠠᠰᠢᠨ᠂ ᠭᠤᠷᠪᠠᠨ ᠮᠤᠲ᠋ᠤᠷ ᠳᠡᠷᠭᠡ ᠲᠠᠢ ᠠᠵᠠ ᠵᠢᠷᠭᠠᠯᠳᠠᠢ ᠠᠮᠢᠳᠤᠷᠠᠵᠤ ᠪᠠᠶᠢᠨ᠎ᠠ᠃ ᠨᠢᠳᠤᠨᠤᠨ ᠵᠢᠯ 30 ᠭᠠᠷᠤᠢ ᠲᠦᠮᠡᠨ ᠲᠦᠭᠦᠷᠢᠭ ᠤᠨ ᠵᠠᠷᠤᠯᠭ᠎ᠠ ᠲᠠᠢ ᠪᠠᠶᠢᠬᠰᠠᠨ ᠪᠤᠯᠪᠠᠴᠤ ᠤᠳᠤ ᠪᠤᠯᠬᠤ ᠳᠤ ᠦᠷᠢ ᠰᠢᠷᠢ ᠦᠭᠡᠢ ᠶᠠᠪᠤᠵᠤ ᠪᠠᠶᠢᠨ᠎ᠠ᠂ ᠮᠠᠨᠠᠶᠢᠬᠢᠨ ᠪᠤᠯ ᠰᠢᠯᠵᠢᠯᠳᠠ ᠶᠢᠨ ᠰᠦᠷᠦᠭ ᠤᠨ ᠠᠰᠢᠭ ᠢ ᠤᠪᠤᠭ᠎ᠠ ᠬᠦᠷᠳᠡᠭᠰᠡᠨ ᠠᠶᠢᠯ ᠪᠤᠯᠬᠤ ᠶᠤᠮ᠂ ᠰᠢᠯᠵᠢᠯᠳᠠ ᠶᠢᠨ ᠰᠦᠷᠦᠭ ᠤᠨ ᠰᠠᠶᠢᠨ ᠢᠶᠠᠷ ᠬᠤᠶᠠᠷ ᠬᠡᠦᠭᠡᠳ ᠢᠶᠠᠨ ᠦᠰᠭᠡᠨ ᠬᠦᠮᠦᠵᠢᠭᠦᠯᠵᠤ ᠬᠦᠮᠦᠨ᠎ ᠤ ᠵᠡᠷᠭᠡ ᠳᠤ ᠬᠦᠷᠭᠡᠵᠤ᠂ ᠤᠳᠤᠠᠬᠨ ᠳᠤ ᠬᠤᠰᠢᠭᠤᠨ ᠲᠦᠪ ᠬᠠᠯᠢᠭᠤᠳᠤ ᠪᠠᠯᠭᠠᠰᠤᠨ ᠳᠤ ᠬᠡᠷ ᠲᠠᠢ ᠳᠡᠷᠭᠡ ᠲᠠᠢ ᠪᠤᠯᠭᠠᠵᠠᠢ᠃ ᠪᠤᠳᠤᠭᠠᠳ ᠦᠵᠡᠭᠦ ᠳᠤ 20 ᠵᠢᠯ ᠳᠤ ᠮᠠᠨᠠᠶᠢᠬᠢᠨ ᠰᠢᠯᠵᠢᠯᠳᠠ ᠶᠢᠨ ᠰᠦᠷᠦᠭ ᠠᠴᠠ 200 ᠭᠠᠷᠤᠢ ᠲᠦᠮᠡᠨ ᠲᠦᠭᠦᠷᠢᠭ ᠤᠨ ᠤᠷᠤᠯᠭ᠎ᠠ ᠤᠯᠤᠭᠰᠠᠨ ᠰᠢᠦ ᠭᠡᠵᠤ ᠤᠳᠬᠤᠨᠬᠤᠸᠠᠷ ᠬᠡᠯᠡᠨ᠎ᠡ᠃

  ᠰᠢᠯᠵᠢᠯᠳᠡ ᠶᠢᠨ ᠰᠦᠷᠦᠭ ᠤᠨ ᠠᠰᠢᠭ ᠤᠷᠤᠯᠭ᠎ᠠ ᠰᠠᠶᠢᠨ ᠳᠤᠯᠠ ᠭᠠᠴᠠᠭᠠᠨ᠎ ᠤ ᠮᠠᠯᠴᠢᠳ ᠢᠳᠡᠪᠬᠢᠳᠡᠢ ᠲᠠᠭᠠᠭᠠᠴᠢᠯᠠᠨ ᠳᠡᠵᠢᠭᠡᠳᠡᠭ ᠪᠠᠶᠢᠨ᠎ᠠ᠃ ᠮᠠᠯᠴᠢᠨ ᠴᠢ᠊ ᠪᠦᠬᠡ ᠡᠮᠤᠨ᠎ᠠ ᠬᠤᠶᠠᠷ ᠵᠢᠯ ᠳᠤ ᠬᠦᠦ ᠪᠠᠨ ᠬᠤᠷᠢᠮᠯᠠᠭᠤᠯᠬᠤ ᠭᠡᠳ ᠶᠡᠭᠡ ᠵᠠᠷᠤᠳᠠᠯ ᠭᠠᠷᠤᠭᠰᠠᠨ ᠪᠦᠭᠡᠳ ᠬᠤᠨᠢ ᠢᠮᠠᠭ᠎ᠠ ᠨᠢ ᠭᠡᠮ ᠬᠢᠵᠢᠭ ᠳᠤ ᠰᠦᠢᠳᠴᠦ ᠰᠦᠷᠦᠭ ᠨᠢᠮᠭᠡᠷᠡᠭᠰᠡᠨ ᠳᠤᠯᠠ ᠤᠯᠠᠨ ᠤᠳᠠᠭ᠎ᠠ ᠭᠠᠴᠠᠭ᠎ᠠ ᠳᠤ ᠮᠡᠳᠡᠭᠦᠯᠦᠨ ᠨᠡᠶᠢᠳᠡ ᠶᠢᠨ ᠢᠮᠠᠭ᠎ᠠ ᠶᠢ ᠳᠠᠭᠠᠭᠠᠴᠢᠯᠠᠨ ᠳᠡᠵᠢᠭᠡᠭᠦ ᠪᠠᠷ ᠭᠤᠶᠤᠴᠢᠯᠠᠵᠤ᠂ ᠨᠢᠳᠤᠨᠤᠨ᠎ ᠤ 8 ᠰᠠᠷ᠎ᠠ ᠶᠢᠨ 15᠎ ᠤ ᠡᠳᠦᠷ᠂ ᠤᠳᠬᠤᠨᠬᠤᠸᠠᠷ ᠤᠨ ᠬᠢ ᠠᠴᠠ 30 ᠢᠮᠠᠭ᠎ᠠ ᠰᠢᠯᠵᠢᠭᠦᠯᠦᠨ ᠠᠪᠴᠦ ᠲᠡᠵᠢᠭᠡᠪᠡ᠃ ᠡᠨᠡ ᠵᠢᠯ 30 ᠢᠮᠠᠭ᠎ᠠ ᠠᠴᠠ 22 ᠲᠦᠯ ᠳᠤᠰᠴᠠᠢ᠂ ᠨᠢᠭᠡ ᠡᠮ᠎ᠠ ᠢᠮᠠᠭ᠎ᠠ ᠠᠴᠠ ᠨᠢᠭᠡ ᠵᠢᠩ ᠨᠤᠯᠤᠤᠷ ᠤᠯᠬᠤ ᠳᠤ ᠠᠰᠠᠭᠤᠳᠠᠯ ᠦᠭᠡᠢ᠂ ᠡᠨᠡ ᠵᠢᠯ ᠨᠤᠯᠤᠤᠷ ᠤᠨ ᠦᠨ᠎ᠠ ᠬᠠᠩᠰᠢ ᠵᠢᠩ ᠳᠡᠭᠡᠨ 160 ᠲᠦᠭᠦᠷᠢᠭ ᠲᠤ ᠬᠦᠷᠦᠭᠰᠡᠨ ᠰᠤᠷᠠᠭ ᠲᠠᠢ᠂ ᠡᠨᠡ ᠪᠠᠶᠢᠳᠠᠯ ᠠᠴᠠ ᠦᠵᠡᠪᠡᠯ᠂ 2020 ᠤᠨ ᠪᠤᠯᠳᠠᠯᠠᠬᠢ ᠭᠤᠷᠪᠠᠨ ᠵᠢᠯ ᠳᠤ ᠮᠢᠨᠦ ᠳᠠᠭᠠᠭᠠᠴᠢᠯᠠᠭᠰᠠᠨ 30 ᠢᠮᠠᠭ᠎ᠠ ᠬᠤᠶᠠᠷ ᠲᠦᠮᠡ ᠰᠢᠬᠠᠮ ᠲᠦᠭᠦᠷᠢᠭ ᠤᠨ ᠨᠤᠯᠤᠤᠷ ᠤᠨ ᠤᠷᠤᠯᠭ᠎ᠠ ᠡᠭᠦᠳᠭᠦ ᠪᠤᠯᠤᠨ᠎ᠠ ᠳ᠋ᠠ ᠭᠡᠵᠤ ᠶᠠᠭ ᠰᠠᠶ᠋ᠢᠬᠠᠨ ᠢᠮᠠᠭ᠎ᠠ ᠰᠠᠮᠨᠠᠵᠤ ᠪᠠᠶᠢᠬᠰᠠᠨ ᠴᠢ᠊ ᠪᠦᠭᠡ ᠶᠢᠨ ᠡᠬᠡᠨᠠᠷ ᠤᠳᠤᠨᠭᠡᠷᠡᠯ ᠪᠠᠶᠠᠷ ᠲᠠᠢ ᠬᠡᠯᠡᠨ᠎ᠡ᠃ ᠤᠬᠤᠷ ᠰᠢᠬᠦᠮᠵᠢ:

  ᠠᠮᠢᠳᠤ ᠰᠠᠭᠤᠷᠢ ᠮᠦᠩᠭᠦ  ᠪᠠᠷ ᠳᠡᠳᠭᠦᠭᠰᠡᠨ ᠠᠮᠵᠢᠯᠲᠠ ᠲᠠᠢ ᠳᠤᠷᠰᠢᠯᠭ᠎ᠠ

  ᠬᠤᠯᠤᠰᠤᠳᠠᠢ ᠭᠠᠴᠠᠭᠠᠨ᠎ ᠤ ᠰᠢᠯᠵᠢᠯᠳᠡ ᠶᠢᠨ ᠰᠦᠷᠦᠭ ᠨᠢ ᠬᠤᠷᠢᠨ ᠵᠢᠯ ᠤᠨ ᠤᠨᠳᠤᠷᠤᠯᠳᠠ ᠪᠠᠷ ᠳᠡᠮᠵᠢᠨ ᠭᠠᠴᠠᠭᠠᠨ᠎ ᠤ ᠶᠠᠳᠠᠭᠤ ᠬᠦᠴᠢᠷᠳᠡᠯᠳᠡᠢ ᠡᠷᠦᠬᠡ ᠶᠢᠨ ᠠᠮᠢᠳᠤᠷᠠᠯ ᠢ ᠳᠡᠭᠵᠢᠷᠡᠭᠦᠯᠦᠭᠰᠡᠨ ᠪᠦᠭᠡᠳ ᠮᠠᠯᠴᠢᠨ ᠲᠦᠮᠡᠨ ᠤ ᠪᠠᠨ ᠠᠵᠤ ᠠᠮᠢᠳᠤᠷᠠᠯ ᠳᠤ ᠲᠡᠮᠨᠡᠯᠭᠡ ᠪᠤᠯᠵᠤ ᠵᠤᠷᠢᠭ ᠴᠢᠷᠮᠠᠶᠢᠯᠭ᠎ᠠ ᠪᠠᠶᠢᠳᠠᠭ ᠯᠡ ᠶᠤᠮ ᠪᠤᠯ ᠵᠤᠬᠢᠶᠠᠨ ᠪᠠᠶᠢᠭᠤᠯᠤᠯᠳᠠ ᠠᠴᠠ ᠳᠡᠮᠵᠢᠯᠬᠡ ᠦᠭᠬᠦᠨ᠎ᠠ ᠭᠡᠳᠡᠭ ᠢ ᠤᠯᠠᠨ ᠳᠠᠭᠠᠨ ᠮᠡᠳᠡᠬᠦᠯᠦᠭᠰᠡᠨ ᠪᠠᠶᠢᠨ᠎ᠠ᠃ ᠡᠨᠡᠬᠦ ᠶᠠᠪᠤᠴᠠ ᠳᠤ ᠦᠨᠳᠦᠰᠦᠨ ᠱᠠᠳᠤᠨ᠎ ᠤ ᠤᠳᠤᠷᠢᠳᠤᠯᠭ᠎ᠠ ᠨᠠᠷ ᠤᠨ ᠬᠤᠯᠠ ᠶᠢᠨ ᠬᠠᠷᠠᠴᠠ᠂ ᠨᠢᠮᠪᠠᠢ ᠳᠦᠯᠦᠪᠯᠡᠭᠡ᠂ ᠤᠷᠤᠨ ᠨᠤᠳᠤᠭ ᠤᠨ ᠢᠶᠠᠨ ᠤᠨᠴᠠᠯᠢᠭ ᠠᠴᠠ ᠡᠬᠦᠰᠦᠭᠰᠡᠨ ᠵᠦᠢᠳᠡᠢ ᠪᠤᠳᠤᠯᠬᠢᠯᠠᠯ᠂ ᠤᠯᠠᠨ ᠵᠢᠯ ᠤᠨ ᠤᠢᠢᠭ᠎ᠠ ᠦᠬᠡᠢ ᠪᠠᠷᠢᠮᠳᠠᠯᠠᠯ ᠵᠡᠷᠭᠡ ᠨᠢ ᠪᠢᠳᠡᠨ ᠳᠤ ᠳᠤᠯᠢ ᠪᠤᠯᠤᠮᠠᠷ ᠰᠠᠨᠠᠭᠳᠠᠯ᠎ᠠ᠃

  ᠭᠠᠴᠠᠭᠠᠨ ᠤ ᠪᠠᠨ ᠠᠮᠢᠳᠤ ᠰᠠᠭᠤᠷᠢ ᠮᠦᠩᠬᠦ ᠪᠤᠯᠤᠭᠰᠠᠨ ᠡᠨᠡ ᠰᠦᠷᠦᠭ ᠢᠮᠠᠭ᠎ᠠ ᠪᠠᠨ ᠠᠵᠦ ᠠᠬᠤᠢ ᠶᠢᠨ ᠵᠢᠮ᠎ᠠ ᠶᠤᠰᠤ ᠪᠠᠷ ᠡᠵᠡᠩᠨᠡᠨ ᠬᠠᠮᠢᠶᠠᠷᠴᠤ᠂ ᠡᠭᠡᠬᠦᠯᠦᠨ ᠳᠠᠳᠠᠪᠤᠷᠢᠯᠡᠬᠤ ᠬᠠᠷᠢᠴᠠᠯ ᠢᠶᠠᠨ ᠵᠦᠢ ᠵᠤᠬᠢᠰᠳᠠᠢ ᠳᠤᠭᠳᠠᠭᠠᠵᠦ᠂ ᠰᠠᠭᠤᠷᠢ ᠳᠤᠭ᠎ᠠ ᠪᠠ ᠴᠢᠨᠠᠷ ᠴᠢᠨᠰᠠᠭ᠎ᠠ ᠶᠢ ᠨᠢ ᠪᠠᠳᠤᠯᠠᠭᠰᠠᠨ ᠤᠷᠢᠳᠠᠯ ᠳᠤᠤᠷ᠎ᠠ ᠮᠠᠯᠵᠢᠵᠦ ᠪᠠᠶᠢᠭ᠎ᠠ ᠡᠷᠦᠬᠡ ᠶᠢᠨ ᠠᠰᠢᠬ ᠳᠤᠰᠠ ᠶᠢ ᠬᠠᠮᠤᠭ ᠶᠡᠭᠡ ᠪᠠᠷ ᠬᠠᠷᠠᠭᠠᠯᠵᠠᠵᠦ ᠴᠢᠳᠠᠭᠰᠠᠨ ᠠᠴᠠ ᠲᠡᠷᠡ ᠨᠢ ᠤᠷᠳᠤ ᠬᠤᠭᠤᠴᠠᠭᠠᠨ᠎ ᠤ ᠳᠤᠭᠳᠠᠪᠤᠷᠢᠳᠡᠢ ᠦᠷ᠎ᠠ ᠠᠰᠢᠬ ᠢ ᠡᠬᠦᠳᠴᠤ ᠳᠡᠶᠢᠯᠦᠭᠰᠡᠨ ᠪᠦᠭᠡᠳ ᠮᠠᠯᠴᠢᠳ ᠲᠠᠭᠠᠨ ᠨᠢᠭᠳᠠᠷᠠᠯ ᠤᠨ ᠬᠦᠴᠦᠨ ᠤᠯᠭᠤᠵᠦ᠂ ᠳᠡᠳᠡᠨ᠎ ᠤ ᠴᠢᠨᠡᠭᠡᠯᠢᠭᠵᠢᠯ ᠤᠨ ᠵᠠᠮ ᠢᠶᠠᠨ ᠡᠯᠬᠦᠬᠦ ᠳᠤ ᠢᠳᠡᠭᠡᠯ ᠵᠤᠷᠢᠭ ᠨᠡᠮᠡᠷᠢᠯᠡᠭᠰᠡᠨ ᠪᠠᠶᠢᠨ᠎ᠠ᠃

 
  
ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com