ᠴᠦᠬᠦᠷᠡᠰᠦ ᠱᠦᠵᠢ ᠶᠢᠨ 《ᠠᠷᠪᠠᠨ ᠳᠦᠮᠡᠨ ᠺᠢᠯᠦᠮᠧᠲᠷ》

  ᠡᠵᠡᠨ ᠬᠤᠷᠤᠭ᠎ᠠ ᠬᠤᠰᠢᠭᠤᠨ᠎ ᠤ ᠠᠯᠳᠠᠨᠰᠢᠷᠠᠭᠡᠳᠦ ᠪᠠᠯᠭᠠᠰᠤᠨ ᠠᠴᠠ ᠵᠡᠬᠦᠨᠰᠢ ᠲᠠᠪᠢᠭᠠᠳ ᠺᠢᠯᠦᠮᠧᠲᠷ ᠶᠠᠪᠤᠪᠠᠯ ᠨᠠᠷᠢᠨᠳᠤᠬᠤᠢ ᠪᠠᠯᠭᠠᠰᠤᠨ᠎ ᠤ ᠬᠤᠶᠠᠭᠳᠤ ᠲᠤᠰᠬᠤᠨ ᠬᠦᠷᠳᠡᠭ᠃ 2014 ᠤᠨ᠎ ᠤ 9 ᠰᠠᠷ᠎ᠠ ᠠᠴᠠ ᠡᠬᠢᠯᠡᠨ ᠳᠤᠰ ᠬᠤᠰᠢᠭᠤᠨ᠎ ᠤ ᠨᠠᠮ ᠤᠨ ᠬᠤᠷᠢᠶ᠎ᠠ ᠶᠢᠨ ᠠᠯᠪᠠᠨ ᠭᠡᠷ ᠤᠨ ᠠᠵᠢᠯᠳᠠᠨ ᠴᠦᠬᠦᠷᠡᠰᠦ ᠡᠨᠡ ᠳᠤᠰᠬᠤᠨ ᠳᠤ ᠨᠢᠬᠡᠳᠦᠬᠡᠷ ᠱᠦᠵᠢ ᠪᠠᠷ ᠲᠤᠮᠢᠯᠠᠭᠳᠠᠵᠦ᠂ ᠡᠨᠡ ᠵᠠᠮ ᠢᠶᠠᠷ ᠡᠳᠦᠷ ᠤᠨ ᠬᠤᠶᠠᠷ ᠤᠳᠠᠭ᠎ᠠ ᠵᠤᠷᠴᠢᠭᠰᠠᠭᠠᠷ᠂ ᠭᠤᠷᠪᠡᠨ ᠵᠢᠯ ᠭᠠᠷᠤᠢ ᠶᠢᠨ ᠬᠤᠭᠤᠴᠠᠭᠠᠨ ᠳᠤ 10 ᠳᠦᠮᠡᠨ ᠺᠢᠯᠦᠮᠧᠲᠷ ᠵᠠᠮᠨᠠᠵᠠᠢ᠃ ᠡᠨᠡᠬᠦ ᠵᠠᠢ ᠨᠢ ᠳᠡᠯᠡᠬᠡᠢ ᠶᠢᠨ ᠪᠦᠮᠪᠤᠷᠴᠡᠭ ᠢ ᠬᠤᠶᠠᠷ ᠬᠠᠭᠠᠰ ᠳᠤᠭᠤᠷᠢᠭᠰᠠᠨ ᠲᠠᠢ ᠳᠡᠩᠴᠠᠨ᠎ᠠ ᠪᠢᠯᠡ᠃

  5 ᠰᠠᠷ᠎ᠠ ᠶᠢᠨ 14᠎ ᠤ ᠦᠳᠡ ᠶᠢᠨ ᠬᠤᠶᠢᠨ᠎ᠠ᠂ ᠰᠤᠷᠪᠤᠯᠵᠢᠯᠠᠭᠴᠢ ᠴᠦᠬᠦᠷᠡᠰᠦ ᠱᠦᠵᠢ ᠲᠠᠢ ᠬᠠᠮᠳᠤ ᠡᠨᠡᠬᠦ ᠵᠠᠮ ᠢᠶᠠᠷ ᠠᠶᠠᠯᠠᠵᠦ ᠬᠤᠶᠠᠭᠳᠤ ᠳᠤᠰᠬᠤᠨ ᠢ ᠵᠤᠷᠢᠯ᠎ᠠ᠃ ᠨᠠᠷᠢᠨᠳᠤᠬᠤᠢ ᠪᠡᠯᠭᠠᠰᠤ ᠬᠠᠷᠢᠶ᠎ᠠ ᠳᠠᠭᠠᠨ 16 ᠳᠤᠰᠬᠤᠨ ᠲᠠᠢ᠂ ᠵᠦᠪᠭᠡᠨ ᠬᠤᠶᠠᠭᠳᠤ ᠳᠤᠰᠬᠤᠨ ᠳᠤ ᠯᠡ ᠨᠠᠭᠦᠷᠡᠰᠦᠨ ᠠᠭᠤᠷᠬᠠᠢ ᠵᠡᠷᠭᠡ ᠡᠬᠢ ᠪᠠᠶᠠᠯᠢᠭ ᠤᠨ ᠭᠠᠷᠤᠯᠳᠠ ᠦᠬᠡᠢ ᠳᠤᠯᠠ ᠶᠠᠳᠠᠭᠤ ᠬᠦᠴᠢᠷᠳᠡᠯᠳᠡᠢ ᠡᠷᠦᠬᠡ ᠬᠠᠷᠢᠴᠠᠩᠭᠤᠢ ᠤᠯᠠᠨ ᠪᠠᠶᠢᠵᠦ᠂ ᠤᠯᠤᠰ ᠤᠨ ᠳᠡᠰ ᠤᠨ ᠶᠠᠳᠠᠭᠤ ᠬᠦᠴᠢᠷᠳᠡᠯᠳᠡᠢ ᠡᠷᠦᠬᠡ 29 ᠪᠠᠶᠢᠳᠠᠭ᠃ ᠡᠨᠡ ᠡᠳᠦᠷ ᠲᠡᠷᠡ ᠶᠠᠳᠠᠭᠤ ᠡᠷᠦᠭᠡ ᠶᠢᠨ ᠳᠤᠳᠤᠷᠠᠬᠢ ᠨᠢᠬᠡ ᠪᠤᠯᠬᠤ ᠯᠢᠤ ᠱᠦᠢ ᠢᠤᠢ ᠶᠢᠨ ᠳᠤ ᠬᠦᠷᠴᠤ ᠳᠡᠭᠡᠷ᠎ᠠ ᠱᠠᠳᠤᠨ᠎ ᠤ ᠪᠢᠴᠢᠭ ᠮᠠᠲ᠋ᠧᠷᠢᠶᠠᠯ ᠢ ᠳᠡᠮᠵᠢᠭᠤᠯᠵᠦ᠂ ᠬᠠᠮᠢᠶ᠎ᠠ ᠪᠦᠬᠦᠢ ᠬᠦᠰᠤᠨᠦᠭᠳᠦ ᠶᠢ ᠳᠠᠭᠯᠠᠬᠤ ᠪᠠᠷ ᠶᠠᠪᠤᠨ᠎ᠠ᠃ 68 ᠨᠠᠰᠤᠳᠠᠢ ᠯᠢᠤ ᠱᠦᠢ ᠢᠤᠢ ᠡᠬᠦᠳᠡᠨ ᠡᠮᠦᠨ᠎ᠡ ᠪᠠᠨ ᠪᠢᠳᠡᠨ ᠢ ᠤᠭᠳᠤᠯ᠎ᠠ᠂ ᠯᠢᠤ ᠱᠦᠢ ᠢᠤᠢ ᠠᠷᠪᠠᠭᠠᠳ ᠵᠢᠯ ᠤᠨ ᠡᠮᠦᠨ᠎ᠠ ᠲᠡᠷᠭᠡᠨ ᠠᠳᠡᠯ ᠢᠶᠠᠷ ᠵᠡᠬᠦᠨ ᠬᠦᠯ ᠢᠶᠠᠨ ᠬᠡᠮᠳᠤᠭᠡᠭᠰᠡᠨ ᠠᠴᠠ ᠠᠯᠬᠤᠵᠦ ᠬᠢᠰᠬᠢᠬᠦ ᠳᠤ ᠳᠦᠬᠦᠮ ᠦᠬᠡᠢ ᠪᠤᠯᠤᠭᠰᠠᠨ ᠪᠦᠭᠡᠳ 2016 ᠤᠨ ᠳᠤ ᠬᠡᠨᠡᠳᠳᠡ ᠶᠢᠨ ᠲᠠᠷᠢᠬᠢᠨ ᠰᠤᠳᠠᠯ ᠤᠨ ᠳᠦᠭᠵᠢᠷᠡᠯ ᠳᠤ ᠨᠡᠷᠪᠡᠭᠳᠡᠭᠰᠡᠨ ᠠᠴᠠ ᠤᠳᠤ ᠪᠤᠯᠳᠠᠯ᠎ᠠ ᠵᠡᠬᠦᠨ ᠭᠠᠷ ᠤᠨ ᠬᠤᠷᠤᠭᠤ ᠨᠤᠭᠤᠳ ᠨᠢ ᠬᠦᠳᠡᠯᠵᠦ ᠳᠡᠶᠢᠯᠬᠦ ᠦᠬᠡᠢ ᠪᠠᠶᠢᠭᠰᠠᠭᠠᠷ ᠶᠤᠮ᠃ ᠡᠪᠡᠳᠴᠢᠨ ᠵᠤᠪᠠᠯᠠᠩ ᠲᠠᠪᠬᠤᠷᠯᠠᠵᠤ ᠢᠷᠡᠭᠰᠡᠨ ᠪᠠ ᠲᠡᠭᠷᠢ ᠶᠢ ᠬᠠᠷᠠᠵᠦ ᠲᠠᠷᠢᠶᠠᠯᠠᠬᠤ ᠯᠡ ᠭᠡᠷᠡᠭ ᠲᠠᠢ ᠪᠠᠶᠢᠭᠰᠠᠨ ᠵᠡᠷᠭᠡ ᠪᠤᠳᠠᠳᠦ ᠰᠢᠯᠳᠠᠭᠠᠨ ᠨᠢ ᠡᠨᠡ ᠠᠶᠢᠯ ᠢ ᠶᠠᠭᠠᠬᠢᠬᠤ ᠶᠢᠨ ᠠᠷᠭ᠎ᠠ ᠦᠬᠡᠢ ᠶᠠᠳᠠᠭᠤ ᠡᠷᠦᠬᠡ ᠶᠢᠨ ᠳᠤᠭᠠᠨ ᠳᠤ ᠤᠷᠤᠭᠤᠯᠵᠦ ᠤᠷᠬᠢᠪᠡ᠃

  ᠴᠦᠬᠦᠷᠡᠰᠤ (ᠵᠡᠭᠦᠨ) ᠱᠦᠵᠢ ᠯᠢᠦ ᠱᠦᠢ ᠢᠦᠢ ᠶᠢᠨ ᠭᠡᠷ ᠲᠤ ᠬᠦᠷᠴᠦ ᠠᠮᠢᠳᠤᠷᠠᠯ ᠤᠨ ᠪᠠᠶᠢᠳᠠᠯ ᠢ ᠤᠶᠢᠯᠠᠭᠠᠨ᠎ᠠ

 

  — 2016 ᠤᠨ᠎ ᠤ ᠬᠠᠪᠤᠷ᠂ ᠪᠢ ᠡᠷᠳᠡᠨᠢ ᠰᠢᠰᠢ ᠲᠠᠷᠢᠵᠦ ᠪᠠᠶᠢᠳᠡᠯ᠎ᠠ ᠭᠡᠨᠡᠳᠳᠡ ᠮᠡᠳᠡᠭᠡ ᠠᠯᠳᠠᠨ ᠰᠠᠪᠠᠵᠦ ᠤᠢᠢᠴᠢᠪᠠ᠂ ᠬᠤᠶᠠᠷ ᠭᠡᠤᠭᠡᠳ ᠭᠠᠳᠠᠨ᠎ᠠ ᠭᠠᠵᠠᠷ ᠪᠠᠶᠢᠭᠰᠠᠨ ᠳᠤᠯᠠ ᠭᠡᠨ ᠢ ᠳᠠᠭᠤᠳᠠᠬᠤ ᠪᠢᠯᠡ ᠭᠡᠵᠦ ᠬᠦᠭᠰᠢᠨ ᠶᠡᠭᠡ ᠪᠠᠴᠢᠮᠳᠠᠭᠰᠠᠨ᠂ ᠳᠡᠭᠡᠬᠦ ᠳᠤ ᠬᠦᠭᠰᠢᠨ ᠮᠠᠨᠢ ᠬᠠᠮᠤᠭ ᠤᠨ ᠳᠦᠷᠦᠬᠦᠨ ᠳᠤ ᠴᠦᠬᠦᠷᠡᠰᠦ ᠱᠦᠵᠢ ᠶᠢ ᠪᠤᠳᠤᠵᠤ ᠤᠯᠤᠬᠰᠠᠨ ᠶᠤᠮ᠂ ᠲᠡᠷᠡ ᠬᠡᠳᠦ᠋ᠢᠪᠡᠷ ᠮᠠᠨ᠎ ᠤ ᠳᠤᠰᠬᠤᠨ ᠳᠤ ᠪᠠᠭᠤᠭᠠᠳ ᠳᠦᠩᠭᠡᠵᠢ ᠬᠤᠶᠠᠷ ᠵᠢᠯ ᠤᠨ ᠨᠢᠭᠤᠷ ᠦᠵᠡᠵᠦ ᠪᠠᠶᠢᠭᠰᠠᠨ ᠪᠤᠯᠪᠠᠴᠤ ᠪᠢᠳᠡᠨ ᠲᠠᠢ ᠰᠠᠶᠢᠬᠠᠨ ᠳᠠᠰᠤᠯᠴᠠᠭᠰᠠᠨ᠂ ᠢᠩᠬᠢᠭᠡᠳ ᠭᠦᠭᠰᠢᠨ ᠮᠠᠨᠢ ᠲᠡᠭᠦᠨ ᠳᠤ ᠤᠳᠠᠰᠤᠳᠠᠵᠦ᠂ ᠴᠦ᠊ ᠱᠦᠵᠢ ᠦᠪᠡᠷ ᠤᠨ ᠮᠠᠰᠢᠨ ᠢᠶᠠᠷ ᠢᠶᠠᠨ ᠬᠤᠰᠢᠭᠤᠨ᠎ ᠤ ᠡᠮᠨᠡᠯᠭᠡ ᠳᠤ ᠠᠪᠠᠴᠢᠵᠤ ᠳᠦᠷᠬᠡᠨ ᠠᠪᠤᠷᠠᠯᠳᠠ ᠬᠢᠭᠡᠳ ᠯᠡ ᠡᠨᠡ ᠬᠢᠷᠢᠳᠡᠢ ᠠᠮᠢᠳᠦ ᠶᠠᠪᠤᠵᠦ ᠪᠠᠶᠢᠨ᠎ᠠ ᠰᠢᠤ᠃ ᠵᠠ᠂ ᠲᠡᠭᠦᠨ ᠠᠴᠠ ᠰᠡᠬᠦᠯᠡᠷ ᠪᠠᠰᠠ ᠭᠡᠳᠦ ᠤᠳᠠᠭ᠎ᠠ ᠡᠮᠨᠡᠬᠦᠯᠦᠭᠰᠡᠨ᠂ ᠪᠦᠷ ᠯᠡ ᠴᠦ᠊ ᠱᠦᠵᠢ ᠶᠢᠨ ᠮᠠᠰᠢᠨ ᠢᠶᠠᠷ ᠨᠠᠰᠢ ᠴᠠᠰᠢ ᠶᠠᠪᠤᠵᠦ᠂ ᠠᠷᠪᠠᠭᠠᠳ ᠤᠳᠠᠭ᠎ᠠ ᠴᠤ ᠬᠦᠷᠴᠡᠢ ᠭᠡᠵᠦ ᠨᠠᠰᠤᠳᠠᠨ ᠶᠠᠷᠢᠯ᠎ᠠ᠃

  1985 ᠤᠨ ᠳᠤ ᠳᠦᠷᠦᠭᠰᠡᠨ ᠴᠦᠬᠦᠷᠡᠰᠦ ᠦᠶ᠎ᠠ ᠪᠠᠷᠤᠭ ᠤᠨ ᠵᠠᠯᠠᠭᠤᠴᠤᠳ ᠲᠤ ᠪᠠᠶᠢᠮ᠎ᠠ ᠦᠬᠡᠢ ᠯᠠᠪᠳᠠᠭᠤᠨ ᠬᠢᠨᠠᠭᠤᠷ ᠬᠦᠮᠦᠨ ᠪᠠᠶᠢᠯ᠎ᠠ᠃ ᠨᠢᠬᠡᠳᠦᠬᠡᠷ ᠱᠦᠵᠢ ᠶᠢᠨ ᠳᠤᠰᠢᠶᠠᠯ ᠢᠶᠠᠷ ᠳᠤᠰᠬᠤᠨ ᠳᠤ ᠪᠠᠭᠤᠭᠰᠠᠨ ᠠᠴᠠ ᠡᠬᠢᠯᠡᠨ ᠲᠡᠷᠡ ᠮᠠᠰᠢ ᠲᠦᠷᠭᠡᠨ ᠢᠶᠠᠷ ᠳᠤᠰᠬᠤᠨ᠎ ᠤ ᠠᠷᠠᠳ ᠤᠨ ᠪᠠᠶᠢᠳᠠᠯ ᠢ ᠤᠢᠢᠯᠠᠭᠠᠬᠤ ᠶᠢᠨ ᠳᠦᠯᠦᠬᠡ ᠡᠳᠦᠷᠵᠢᠨ ᠮᠠᠰᠢᠨ ᠢᠶᠠᠨ ᠵᠢᠯᠤᠭᠤᠳᠴᠤ ᠬᠦᠳᠡᠭᠡ ᠪᠠᠭᠤᠨ᠎ᠠ᠂ ᠠᠯᠢ ᠠᠶᠢᠯ ᠨᠢ ᠬᠢᠷᠢ ᠵᠡᠷᠭᠡ ᠶᠢᠨ ᠠᠮᠢᠳᠤᠷᠠᠯ ᠲᠠᠢ ᠭᠡᠳᠡᠭ ᠢ ᠨᠠᠷᠢᠨ ᠯᠠᠪᠯᠠᠨ᠎ᠠ᠂ ᠶᠠᠳᠠᠭᠤ ᠬᠦᠴᠢᠷᠳᠡᠯᠳᠡᠢ ᠡᠷᠦᠬᠡ ᠪᠠᠨ ᠶᠠᠮᠠᠷ ᠪᠤᠳᠠᠳᠠᠢ ᠠᠷᠭ᠎ᠠ ᠪᠠᠷ ᠴᠢᠨᠡᠭᠡᠯᠢᠭᠵᠢᠯ ᠤᠷᠤᠭᠤ ᠬᠦᠳᠦᠯᠦᠨ᠎ᠠ ᠭᠡᠵᠦ ᠪᠤᠳᠤᠯᠬᠢᠯᠠᠨ᠎ᠠ᠂ ᠳᠤᠰᠬᠤᠨ ᠤ ᠪᠠᠨ 29 ᠶᠠᠳᠠᠭᠤ ᠬᠦᠴᠢᠷᠳᠡᠯᠳᠡᠢ ᠡᠷᠦᠬᠡ ᠶᠢ ᠡᠷᠳᠡ ᠨᠢᠬᠡᠨ ᠡᠳᠦᠷ ᠶᠠᠳᠠᠭᠤ ᠠᠴᠠ ᠠᠩᠬᠢᠵᠢᠷᠠᠭᠤᠯᠬᠤ ᠶᠢᠨ ᠳᠦᠯᠦᠬᠡ ᠲᠡᠷᠡ ᠠᠷᠭ᠎ᠠ ᠪᠦᠬᠦᠨ ᠢ ᠰᠦᠪᠡᠭᠴᠢᠯᠡᠨ ᠴᠢᠷᠮᠠᠶᠢᠨ᠎ᠠ᠃

  — ᠮᠠᠨᠠᠶᠢᠬᠢᠨ 7 ᠮᠦ ᠳᠦᠮᠦᠰᠦ ᠲᠠᠷᠢᠳᠠᠭ᠂ ᠤᠷᠵᠢᠨᠤᠨ ᠵᠢᠯ ᠬᠤᠷ᠎ᠠ ᠤᠰᠤ ᠰᠠᠶᠢᠨ ᠳᠤᠯᠠ ᠡᠯᠪᠡᠭ ᠬᠤᠷᠢᠶᠠᠯᠳᠠ ᠤᠯᠵᠤ᠂ ᠮᠦ ᠪᠦᠷᠢ ᠶᠢᠨ ᠤᠨᠠᠯᠳᠠ ᠨᠢ 4000 ᠭᠠᠷᠤᠢ ᠵᠢᠩ ᠬᠦᠷᠴᠡᠢ᠃ ᠭᠡᠪᠡᠴᠤ ᠮᠢᠨᠦ ᠬᠦᠯ ᠭᠠᠷ ᠬᠦᠳᠡᠯᠬᠦ ᠳᠤ ᠳᠦᠬᠦᠮ ᠦᠬᠡᠢ᠂ ᠮᠠᠨᠠᠶᠢᠬᠢᠨ ᠪᠠᠰᠠ ᠪᠤᠶᠢᠳᠠ ᠭᠠᠵᠠᠷ ᠰᠠᠭᠤᠷᠢᠰᠢᠵᠦ᠂ ᠵᠠᠰᠠᠮᠠᠯ ᠵᠠᠮ ᠠᠴᠠ ᠬᠤᠯᠠ ᠳᠤᠯᠠ ᠨᠢᠬᠡ ᠪᠦᠯᠦᠭ ᠳᠦᠮᠦᠰᠦ ᠪᠠᠨ ᠪᠤᠷᠤᠯᠠᠭᠤᠯᠵᠦ ᠳᠡᠶᠢᠯᠬᠦ ᠦᠬᠡᠢ ᠭᠠᠴᠢᠭᠳᠠᠵᠦ ᠪᠠᠶᠢᠭᠰᠠᠨ᠃ ᠬᠠᠷᠢᠨ ᠡᠨᠡ ᠪᠠᠶᠢᠳᠠᠯ ᠢ ᠴᠦᠬᠦᠷᠡᠰᠦ ᠱᠦᠵᠢ ᠮᠡᠳᠡᠭᠡᠳ ᠲᠠᠷᠠᠭ᠎ᠠ ᠡᠳᠦᠷ ᠨᠢ ᠳᠠᠷᠤᠢ ᠮᠠᠰᠢᠨ ᠬᠦᠯᠦᠰᠦᠯᠡᠵᠦ ᠢᠷᠡᠭᠡᠳ 3000 ᠭᠠᠷᠤᠢ ᠵᠢᠩ ᠳᠦᠮᠦᠰᠦ ᠶᠢ ᠳᠡᠭᠡᠭᠡᠵᠦ ᠠᠪᠠᠴᠢᠨ ᠪᠦᠬᠦᠨ ᠢ ᠪᠤᠷᠤᠯᠠᠭᠤᠯᠵᠦ ᠦᠭᠬᠦᠭᠰᠡᠨ ᠰᠢᠤ ᠭᠡᠵᠦ ᠯᠢᠤ ᠱᠦᠢ ᠢᠤᠢ ᠬᠡᠯᠡᠨ᠎ᠠ᠃ ᠲᠤᠰ ᠳᠤᠰᠬᠤᠨ ᠳᠠᠭᠠᠨ ᠴᠦᠬᠦᠷᠡᠰᠦ ᠦᠬᠡᠷ᠎ᠠ ᠬᠤᠶᠠᠷ ᠺᠠᠳ᠋ᠷ ᠲᠠᠢ ᠬᠠᠮᠳᠤᠪᠡᠷ ᠡᠳᠡᠨᠡᠶᠢᠬᠢᠨ ᠢ ᠳᠠᠭᠠᠭᠠᠴᠢᠯᠠᠵᠦ ᠠᠪᠤᠭᠰᠠᠨ ᠶᠤᠮ᠂ ᠡᠳᠡᠭᠡᠷ ᠵᠢᠯ ᠳᠤ ᠳᠡᠳᠡ ᠯᠢᠤ ᠱᠦᠢ ᠢᠤᠢ ᠳᠤ ᠭᠠᠭ᠋ᠠᠢ ᠬᠤᠳᠠᠯᠳᠤᠨ ᠠᠪᠴᠤ ᠦᠭᠭᠦᠨ ᠳᠡᠵᠢᠬᠡᠯᠬᠡᠬᠦ᠂ ᠲᠠᠷᠢᠶ᠎ᠠ ᠳᠦᠮᠦᠰᠦ ᠶᠢ ᠨᠢ ᠪᠤᠷᠤᠯᠠᠭᠤᠯᠵᠦ ᠦᠭᠬᠦ᠂ ᠡᠮᠨᠡᠯᠬᠡ ᠳᠤ ᠬᠦᠷᠭᠡᠬᠦ᠂ ᠲᠠᠩᠰᠠ ᠬᠠᠷ᠎ᠠ ᠶᠢ ᠴᠠᠶᠢᠷᠠᠭᠤᠯᠵᠦ ᠦᠭᠬᠦ ᠵᠡᠷᠭᠡ ᠤᠯᠠᠨ ᠬᠠᠪᠰᠤᠷᠤᠯᠭ᠎ᠠ ᠬᠦᠷᠳᠡᠭᠡᠵᠡᠢ᠃

  — ᠮᠠᠨ᠎ ᠤ ᠳᠤᠰᠬᠤᠨ᠎ ᠤ ᠵᠠᠷᠢᠮ ᠡᠷᠦᠬᠡ ᠪᠤᠯ ᠡᠪᠡᠳᠴᠢᠨ ᠡᠮᠭᠡᠭ ᠠᠴᠠ ᠪᠤᠯᠵᠦ ᠶᠠᠳᠠᠭᠤᠷᠠᠭᠰᠠᠨ ᠶᠤᠮ᠂ ᠡᠨᠡ ᠠᠶᠢᠯ ᠢᠶᠠᠷ ᠦᠵᠡᠬᠦ ᠳᠤ ᠳᠡᠳᠡ ᠦᠪᠡᠰᠦᠪᠡᠨ ᠨᠡᠯᠢᠶᠡᠳ ᠴᠢᠷᠮᠠᠶᠢᠵᠦ ᠠᠵᠢᠯᠯᠠᠳᠠᠭ᠂ ᠡᠶᠢᠮᠦ ᠬᠦᠮᠦᠰ ᠢ ᠪᠢᠳᠡ ᠠᠯᠢ ᠪᠤᠯᠬᠤ ᠪᠠᠷ ᠳᠡᠮᠵᠢᠨ ᠳᠡᠳᠬᠦᠵᠦ ᠳᠡᠳᠡᠨ ᠢ ᠶᠠᠳᠠᠭᠤ ᠠᠴᠠ ᠠᠩᠬᠢᠵᠢᠷᠠᠭᠤᠯᠬᠤ ᠭᠡᠷᠡᠭᠳᠡᠢ ᠶᠤᠮ ᠭᠡᠵᠦ ᠴᠦᠬᠦᠷᠡᠰᠦ ᠰᠤᠷᠪᠤᠯᠵᠢᠯᠠᠭᠴᠢ ᠳᠤ ᠬᠡᠯᠡᠨ᠎ᠡ᠃

  ᠴᠦᠬᠦᠷᠡᠰᠦ ᠶᠢᠨ ᠡᠳᠦᠷ ᠪᠦᠷᠢ ᠵᠠᠮᠨᠠᠵᠦ ᠪᠠᠶᠢᠭ᠎ᠠ ᠡᠨᠡ ᠵᠠᠮ ᠪᠤᠯ 2016 ᠤᠨ ᠳᠤ ᠵᠠᠰᠠᠭᠰᠠᠨ᠂ ᠪᠦᠬᠦ ᠤᠷᠳᠤ ᠨᠢ 18.7 ᠺᠢᠯᠦᠮᠧᠲᠷ ᠪᠠᠶᠢᠳᠠᠭ᠃ 2017 ᠤᠨ᠎ ᠤ ᠡᠬᠢᠨ ᠳᠤ ᠲᠤᠰ ᠲᠤᠰᠬᠤᠨ᠎ ᠤ ᠪᠠᠰᠠ ᠴᠠᠬᠢᠯᠭᠠᠨ ᠬᠦᠴᠤᠳᠠᠯ ᠳᠤᠤᠷ᠎ᠠ ᠪᠠᠶᠢᠭᠰᠠᠨ ᠠᠰᠠᠭᠤᠳᠠᠯ ᠢ ᠰᠢᠢᠳᠪᠦᠷᠢᠯᠡᠵᠦ ᠦᠭᠴᠡᠢ᠃ ᠡᠨᠡ ᠳᠤᠬᠠᠢ ᠳᠤᠰ ᠳᠤᠰᠬᠤᠨ᠎ ᠤ ᠨᠠᠮ᠎ ᠤ ᠡᠬᠦᠷ ᠤᠨ ᠱᠦᠵᠢ ᠯᠢᠤ ᠮᠤᠤ ᠯᠢᠨ ᠰᠤᠷᠪᠤᠯᠵᠢᠯᠠᠭᠴᠢ ᠳᠤ ᠢᠢᠨᠬᠦ ᠲᠠᠨᠢᠯᠴᠠᠭᠤᠯᠤᠯ᠎ᠠ᠄ ᠮᠠᠨ᠎ ᠤ ᠳᠤᠰᠬᠤᠨ ᠨᠡᠯᠢᠶᠡᠳ ᠡᠷᠳᠡ ᠴᠠᠬᠢᠯᠭᠠᠨ ᠨᠡᠪᠳᠡᠷᠡᠭᠰᠡᠨ ᠪᠤᠯᠪᠠᠴᠤ ᠨᠢᠬᠡ ᠪᠦᠯᠦᠭ ᠡᠷᠦᠬᠡ ᠶᠢᠨ ᠴᠠᠬᠢᠯᠭᠠᠨ ᠬᠦᠴᠦᠳᠡᠯ ᠬᠦᠷᠦᠯᠴᠡᠬᠦ ᠦᠬᠡᠢ ᠠᠴᠠ ᠬᠦᠯᠳᠡᠭᠡᠬᠦᠷ ᠮᠡᠳᠦ ᠶᠢᠨ ᠴᠠᠬᠢᠯᠭᠠᠨ ᠭᠡᠷᠡᠭᠰᠡᠯ ᠵᠠᠷᠤᠵᠦ ᠳᠡᠶᠢᠯᠬᠦ ᠦᠬᠡᠢ ᠪᠠᠶᠢᠭᠰᠠᠨ᠃ ᠴᠦᠬᠦᠷᠡᠰᠦ ᠢᠷᠡᠭᠰᠡᠨ᠎ ᠤ ᠰᠡᠬᠦᠯᠡᠷ ᠴᠠᠭᠢᠯᠭᠠᠨ ᠬᠠᠩᠭᠠᠵᠦ ᠪᠠᠶᠢᠭ᠎ᠠ ᠬᠠᠮᠢᠶ᠎ᠠ ᠪᠦᠬᠦᠢ ᠨᠢᠬᠡᠴᠡ ᠶᠢ ᠡᠷᠢᠵᠦ ᠤᠯᠠᠨ ᠤᠳᠠᠭ᠎ᠠ ᠵᠦᠪᠳᠡᠯᠴᠡᠭᠰᠡᠨ᠂ ᠭᠡᠪᠡᠴᠤ ᠮᠠᠨ᠎ ᠤ ᠠᠳᠡᠬᠢ ᠴᠠᠬᠢᠯᠭᠠᠨ ᠢ ᠵᠡᠬᠦᠨᠭᠠᠷ ᠬᠤᠰᠢᠭᠤᠨ ᠠᠴᠠ ᠬᠠᠩᠭᠠᠵᠦ ᠪᠠᠶᠢᠭ᠎ᠠ ᠳᠤᠯᠠ ᠬᠤᠶᠠᠷ ᠬᠤᠰᠢᠭᠤᠨ᠎ ᠤ ᠬᠤᠭᠤᠷᠤᠨᠳᠤᠬᠢ ᠠᠵᠢᠯ ᠢ ᠵᠤᠬᠢᠴᠠᠭᠤᠯᠬᠤ ᠳᠤ ᠮᠠᠰᠢ ᠶᠡᠭᠡ ᠬᠦᠴᠢᠷᠳᠡᠯ ᠳᠤ ᠲᠤᠯᠭᠠᠷᠠᠭᠰᠠᠨ᠃ ᠭᠡᠪᠡᠴᠤ ᠮᠠᠨ᠎ ᠤ ᠴᠦᠬᠦᠷᠡᠰᠦ ᠶᠡᠷᠦ ᠵᠤᠷᠢᠭ ᠮᠤᠬᠤᠭᠰᠠᠨ ᠦᠬᠡᠢ᠂ ᠪᠠᠷᠤᠭ ᠨᠠᠰᠢ ᠴᠠᠰᠢ ᠠᠷᠪᠠ ᠤᠳᠠᠭ᠎ᠠ ᠬᠦᠶᠦᠵᠦ ᠪᠠᠶᠢᠭᠠᠳ ᠡᠴᠤᠰ ᠲᠡᠭᠡᠨ ᠰᠢᠢᠳᠪᠦᠷᠢᠯᠡᠭᠰᠡᠨ ᠶᠤᠮ ᠬᠡᠯ᠎ᠠ᠃

  ᠨᠠᠷᠢᠨᠳᠤᠬᠤᠢ ᠪᠠᠯᠭᠠᠰᠤᠨ᠎ ᠤ ᠶᠠᠳᠠᠭᠤ ᠶᠢ ᠳᠡᠳᠬᠦᠬᠦ ᠠᠵᠢᠯ ᠢ ᠬᠤᠪᠢᠳᠠᠨ ᠬᠠᠮᠢᠶᠠᠷᠴᠤ ᠪᠠᠶᠢᠭ᠎ᠠ ᠳᠡᠳ᠋ ᠪᠡᠯᠭᠠᠰᠤᠨ ᠳᠠᠷᠤᠭ᠎ᠠ ᠵᠠᠩ ᠢᠤᠢ ᠲᠢᠩ ᠠᠵᠢᠯ ᠳᠠᠭᠠᠨ ᠵᠤᠷᠢᠮᠠᠭ ᠪᠠᠶᠢᠳᠠᠭ ᠴᠦᠬᠦᠷᠡᠰᠦ ᠶᠢ ᠲᠡᠷᠡ ᠤᠳᠤ ᠮᠠᠨ᠎ ᠤ ᠳᠤᠰᠬᠤᠨ᠎ ᠤ ᠬᠦᠮᠦᠨ ᠪᠤᠯᠴᠢᠬᠠᠵᠠᠢ ᠭᠡᠵᠦ ᠦᠨᠡᠯᠡᠵᠦ ᠭᠠᠷᠤᠯ᠎ᠠ᠃ ᠲᠡᠷᠡ ᠡᠳᠦᠷ ᠪᠦᠷᠢ ᠤᠷᠭᠢᠯᠤᠮ᠎ᠠ ᠬᠠᠯᠠᠭᠤᠨ ᠰᠡᠳᠬᠢᠯ ᠢᠶᠠᠷ ᠠᠵᠢᠯ ᠳᠠᠭᠠᠨ ᠭᠠᠷᠴᠤ᠂ ᠶᠡᠭᠡ ᠪᠠᠭ᠎ᠠ ᠤᠴᠢᠷ ᠭᠡᠵᠦ ᠢᠯᠭᠠᠯ ᠦᠬᠡᠢ ᠳᠤᠰᠬᠤᠨ᠎ ᠤ ᠠᠷᠠᠳ ᠲᠤ ᠦᠢᠯᠡᠴᠢᠯᠡᠳᠡᠭ ᠰᠢᠤ ᠭᠡᠵᠦ ᠰᠤᠷᠪᠤᠯᠵᠢᠯᠠᠭᠴᠢ ᠳᠤ ᠬᠡᠯᠡᠨ᠎ᠠ᠃ 2016 ᠤᠨ᠎ ᠤ ᠡᠪᠦᠯ᠂ ᠴᠦᠬᠦᠷᠡᠰᠦ ᠦᠪᠡᠷ ᠤᠨ ᠪᠠᠶᠢᠭ᠎ᠠ ᠪᠠᠶᠢᠭᠤᠯᠤᠯᠭ᠎ᠠ ᠲᠠᠢ ᠪᠠᠨ ᠬᠠᠮᠵᠢᠯᠴᠠᠨ᠂ ᠵᠡᠷᠭᠡᠯᠡᠳᠡᠭᠡ ᠳᠤᠰᠬᠤᠨ ᠳᠤ ᠪᠠᠶᠢᠭ᠎ᠠ ᠨᠡᠬᠦᠷᠡᠰᠦᠨ ᠠᠭᠤᠷᠬᠠᠢ ᠲᠠᠢ ᠶᠠᠷᠢᠯᠴᠠᠵᠦ ᠬᠤᠶᠠᠭᠳᠦ ᠲᠤᠰᠬᠤᠨ᠎ ᠤ 300 ᠭᠠᠷᠤᠢ ᠡᠷᠦᠬᠡ ᠪᠦᠷᠢ ᠳᠤ 2 ᠲᠤᠨ ᠨᠡᠬᠦᠷᠡᠰᠦ ᠤᠯᠵᠦ ᠦᠭᠬᠦᠭᠰᠡᠨ ᠪᠠᠶᠢᠨ᠎ᠠ᠃

  ᠦᠨᠳᠦᠰᠦᠨ ᠱᠠᠳᠤᠨ᠎ ᠤ ᠶᠠᠳᠠᠭᠤ ᠶᠢ ᠳᠡᠳᠬᠦᠬᠦ ᠠᠵᠢᠯ ᠳᠤ ᠭᠠᠴᠠᠭ᠎ᠠ ᠳᠤᠰᠬᠤᠨ᠎ ᠤ ᠨᠡᠶᠢᠳᠡ ᠶᠢᠨ ᠠᠵᠦ ᠠᠬᠤᠢ ᠶᠢ ᠬᠦᠭᠵᠢᠬᠦᠯᠬᠦ ᠪᠤᠯ ᠨᠢᠬᠡ ᠰᠠᠶᠢᠨ ᠠᠷᠭ᠎ᠠ ᠵᠠᠮ ᠶᠤᠮ᠃ ᠤᠢᠢᠷ᠎ᠠ ᠶᠢᠨ ᠵᠢᠯ ᠤᠳ ᠳᠤ ᠬᠦᠳᠡᠭᠡ ᠳᠤᠰᠬᠤᠨ᠎ ᠤ ᠵᠠᠯᠠᠭᠤ ᠢᠳᠡᠷ ᠬᠦᠳᠡᠯᠮᠦᠷᠢ ᠬᠦᠴᠦᠨ ᠬᠤᠳᠠ ᠤᠷᠤᠭᠤ ᠰᠢᠯᠵᠢᠵᠦ᠂ ᠬᠦᠳᠡᠭᠡ ᠨᠤᠳᠤᠭ ᠲᠤ ᠦᠳᠡᠯᠦᠭᠰᠡᠨ ᠬᠦᠮᠦᠨ ᠭᠤᠤᠯᠳᠠᠢ ᠬᠤᠴᠤᠷᠴᠤ ᠰᠠᠭᠤᠷᠢᠰᠢᠬᠤ ᠪᠤᠯᠵᠠᠢ᠃ ᠬᠤᠶᠠᠭᠳᠦ ᠳᠤᠰᠬᠤᠨ ᠢᠶᠠᠷ ᠵᠢᠱᠢᠶᠡᠯᠡᠬᠦ ᠳᠤ ᠳᠤᠰᠬᠤᠨ ᠳᠠᠭᠠᠨ ᠦᠯᠡᠳᠡᠭᠰᠡᠨ ᠬᠦᠳᠡᠯᠮᠦᠷᠢ ᠬᠦᠴᠦᠨ᠎ ᠤ 85% ᠨᠢ 60 ᠨᠠᠰᠤᠨ ᠠᠴᠠ ᠳᠡᠭᠡᠭᠰᠢᠬᠢ ᠬᠦᠮᠦᠰ ᠪᠠᠶᠢᠯ᠎ᠠ᠃ ᠡᠶᠢᠮᠦᠷᠬᠦ ᠪᠠᠶᠢᠳᠠᠯ ᠳᠤ ᠶᠠᠮᠠᠷ ᠬᠡᠯᠪᠡᠷᠢ ᠶᠢᠨ ᠨᠡᠶᠢᠳᠡ ᠶᠢᠨ ᠠᠵᠦ ᠠᠬᠤᠢ ᠶᠢ ᠬᠦᠭᠵᠢᠬᠦᠯᠪᠡᠯ ᠵᠤᠬᠢᠰᠳᠠᠢ ᠪᠠᠶᠢᠬᠤ ᠳᠤᠬᠠᠢ ᠴᠦᠬᠦᠷᠡᠰᠦ ᠴᠤ ᠲᠠᠷᠢᠬᠢ ᠪᠠᠨ ᠰᠢᠪᠬᠠᠵᠦ ᠪᠢᠯᠠ᠃ ᠪᠢᠳᠡ ᠳᠡᠩᠳᠡᠬᠦᠦ ᠶᠡᠭᠡ ᠠᠵᠦ ᠠᠬᠤᠢᠢᠯᠠᠯ ᠡᠷᠬᠢᠯᠡᠬᠦ ᠪᠤᠯᠤᠮᠵᠢ ᠦᠬᠡᠢ ᠪᠤᠯᠪᠠᠴᠤ ᠪᠠᠭ᠎ᠠ ᠭᠡᠯᠪᠡᠷᠢ ᠶᠢᠨ ᠳᠤᠷᠰᠢᠴᠠ ᠬᠢᠬᠦ ᠪᠠᠨ ᠵᠠᠪᠠᠯ ᠪᠠᠷᠢᠮᠳᠠᠯᠠᠨ᠎ᠠ ᠭᠡᠵᠦ ᠲᠡᠷᠡ ᠬᠡᠯᠡᠨ᠎ᠠ᠃ ᠡᠮᠦᠨ᠎ᠠ ᠭᠡᠳᠦᠨ ᠵᠢᠯ ᠤᠨ ᠪᠡᠯᠡᠳᠭᠡᠯ ᠢᠶᠠᠷ ᠳᠡᠮᠵᠢᠨ 2017 ᠤᠨ ᠳᠤ ᠳᠡᠳᠡ 20 ᠳᠦᠮᠡᠨ ᠳᠦᠬᠦᠷᠢᠭ ᠤᠨ ᠵᠢᠬᠡᠯᠡᠯᠬᠡ ᠤᠯᠵᠦ᠂ 400 ᠳᠡᠭᠰᠢ ᠳᠦᠷᠪᠡᠯᠵᠢᠨ ᠮᠧᠲᠷ ᠤᠨ ᠲᠠᠯᠠᠪᠠᠢ ᠪᠦᠬᠦᠢ ᠭᠠᠭ᠋ᠠᠢ ᠳᠡᠵᠢᠬᠡᠬᠦ ᠰᠠᠭᠤᠷᠢᠨ ᠭᠠᠵᠠᠷ ᠪᠠᠶᠢᠭᠤᠯᠵᠠᠢ᠃ ᠭᠡᠪᠡᠴᠤ ᠭᠠᠭ᠋ᠠᠢ ᠶᠢᠨ ᠳᠤᠷᠤᠢ ᠠᠪᠬᠤ ᠵᠤᠭᠤᠰ ᠦᠬᠡᠢ ᠳᠤᠯᠠ ᠴᠦᠬᠦᠷᠡᠰᠦ ᠦᠪᠡᠷ ᠤᠨ ᠬᠠᠳᠠᠭᠠᠯᠠᠮᠵᠢ ᠠᠴᠠ ᠪᠠᠨ 2 ᠳᠦᠮᠡᠨ ᠳᠦᠬᠦᠷᠢᠭ ᠭᠠᠷᠭᠠᠵᠦ 20 ᠭᠠᠭ᠋ᠠᠢ ᠶᠢᠨ ᠲᠤᠷᠤᠢ ᠠᠪᠴᠤ ᠦᠭᠴᠡᠢ᠃ ᠳᠤᠰᠬᠤᠨ᠎ ᠤ ᠨᠡᠶᠢᠳᠡ ᠶᠢᠨ ᠠᠵᠦ ᠠᠬᠤᠢ ᠭᠡᠳᠦ᠋ᠢᠪᠡᠷ ᠪᠤᠵᠠᠭᠠᠢᠢᠷᠠᠭ᠎ᠠ ᠦᠬᠡᠢ ᠪᠤᠯᠪᠠᠴᠤ ᠪᠢᠳᠡ ᠳᠤᠷᠰᠢᠯᠭ᠎ᠠ ᠬᠤᠷᠠᠮᠳᠤᠭᠤᠯᠬᠤ ᠪᠠ ᠰᠦᠪᠡᠭᠴᠢᠯᠡᠯᠳᠡ ᠬᠢᠬᠦ ᠵᠤᠷᠢᠯᠭ᠎ᠠ ᠲᠠᠢ ᠬᠢᠵᠦ ᠪᠠᠶᠢᠨ᠎ᠠ᠂ ᠨᠢᠳᠤᠨᠤᠨ ᠬᠤᠷᠢᠭᠠᠳ ᠭᠠᠭ᠋ᠠᠢ ᠪᠠᠨ ᠪᠤᠷᠤᠯᠠᠭᠤᠯᠵᠦ ᠭᠡᠳᠦᠨ ᠳᠦᠮᠡᠨ ᠳᠦᠬᠦᠷᠢᠭ ᠤᠨ ᠤᠷᠤᠯᠭ᠎ᠠ ᠤᠯᠤᠭᠰᠠᠨ ᠪᠦᠭᠡᠳ ᠡᠬᠦᠨ ᠢᠶᠠᠷ ᠢᠶᠠᠨ ᠨᠢᠬᠡ ᠪᠦᠯᠦᠭ ᠠᠮᠢᠳᠤᠷᠠᠯ ᠨᠢ ᠬᠦᠴᠢᠷᠳᠡᠯᠳᠡᠢ ᠰᠤᠷᠤᠭᠴᠢᠳ ᠢ ᠳᠡᠳᠬᠦᠨ ᠳᠡᠮᠵᠢᠭᠰᠡᠨ ᠶᠤᠮ᠃ ᠬᠠᠮᠤᠭ ᠭᠤᠤᠯ ᠨᠢ ᠪᠢᠳᠡ ᠡᠨᠡᠬᠦ ᠠᠵᠢᠯ ᠳᠤ ᠢᠳᠡᠭᠡᠯ ᠲᠠᠢ ᠪᠤᠯᠵᠠᠢ᠂ ᠡᠨᠡ ᠵᠢᠯ 40 ᠭᠠᠭ᠋ᠠᠢ ᠳᠡᠵᠢᠬᠡᠬᠦ ᠪᠠᠷ ᠳᠦᠯᠦᠪᠯᠡᠵᠦ ᠪᠠᠶᠢᠨ᠎ᠠ ᠭᠡᠵᠦ ᠲᠡᠷᠡ ᠰᠤᠷᠪᠤᠯᠵᠢᠯᠠᠭᠴᠢ ᠳᠤ ᠬᠡᠯᠡᠨ᠎ᠠ᠃

  2016 ᠤᠨ᠎ ᠤ ᠡᠴᠤᠰ ᠪᠤᠯᠬᠤ ᠳᠤ 29 ᠶᠠᠳᠠᠭᠤ ᠬᠦᠴᠢᠷᠳᠡᠯᠳᠡᠢ ᠡᠷᠦᠬᠡ ᠠᠴᠠ 19 ᠡᠷᠦᠬᠡ ᠨᠢ ᠬᠤᠰᠢᠭᠤᠨ᠎ ᠤ ᠨᠡᠬᠦᠯᠬᠡᠨ ᠰᠢᠯᠵᠢᠬᠦᠯᠬᠦ ᠳᠦᠷᠦ ᠶᠢᠨ ᠪᠤᠳᠤᠯᠭ᠎ᠠ ᠪᠠᠷ ᠬᠤᠰᠢᠭᠤᠨ ᠳᠦᠪ ᠲᠤ ᠨᠡᠬᠦᠨ ᠤᠴᠢᠵᠦ᠂ ᠰᠢᠨ᠎ᠠ ᠰᠠᠭᠤᠴᠠ ᠳᠤ ᠰᠠᠭᠤᠭᠰᠠᠨ ᠪᠦᠭᠡᠳ ᠬᠤᠳᠠ ᠪᠠᠯᠭᠠᠰᠤᠨ᠎ ᠤ ᠡᠮᠨᠡᠯᠬᠡ ᠶᠢᠨ ᠳᠠᠭᠠᠳᠬᠠᠯ ᠢ ᠬᠦᠷᠳᠡᠵᠦ ᠡᠬᠢᠯᠡᠵᠡᠢ᠃ ᠳᠡᠳᠡᠨ᠎ ᠤ ᠵᠠᠷᠢᠮ ᠨᠢ ᠬᠤᠳᠠ ᠳᠤ ᠰᠤᠯᠠ ᠠᠵᠢᠯ ᠬᠢᠵᠦ᠂ ᠵᠠᠷᠢᠮ ᠨᠢ ᠬᠦᠳᠡᠭᠡ ᠪᠠᠶᠢᠭ᠎ᠠ ᠲᠠᠷᠢᠶᠠᠨ ᠭᠠᠵᠠᠷ ᠢᠶᠠᠨ ᠠᠵᠦ ᠠᠬᠤᠢᠢᠯᠠᠯ ᠳᠤ ᠲᠦᠷᠢᠶᠡᠰᠦᠯᠡᠬᠦᠯᠦᠨ ᠮᠤᠳᠤ ᠲᠠᠷᠢᠭᠤᠯᠵᠦ ᠤᠷᠤᠯᠭ᠎ᠠ ᠤᠯᠬᠤ ᠪᠤᠯᠵᠠᠢ᠃ ᠤᠳᠤᠬᠠᠨ ᠳᠤ ᠪᠠᠰᠠ 10 ᠠᠶᠢᠯ ᠳᠤᠰᠬᠤᠨ ᠳᠠᠭᠠᠨ ᠦᠯᠡᠳᠡᠵᠦ ᠪᠠᠶᠢᠭ᠎ᠠ ᠪᠤᠯᠪᠠᠴᠤ ᠵᠢᠯ ᠤᠨ ᠳᠡᠭᠰᠢᠳᠭᠡᠭᠰᠡᠨ ᠤᠷᠤᠯᠭ᠎ᠠ ᠨᠢ ᠨᠢᠬᠡᠨᠳᠡ ᠤᠯᠤᠰ ᠤᠨ ᠳᠤᠭᠳᠠᠭᠠᠭᠰᠠᠨ ᠶᠠᠳᠠᠭᠤ ᠠᠴᠠ ᠠᠩᠬᠢᠵᠢᠷᠠᠬᠤ ᠪᠠᠷᠢᠮᠵᠢᠶ᠎ᠠ ᠶᠢ ᠦᠡᠭᠭᠡᠷᠡᠭᠡᠭᠰᠡᠨ ᠪᠠᠶᠢᠯ᠎ᠠ᠃

  ᠪᠢᠳᠡᠨ᠎ ᠤ ᠰᠤᠷᠪᠤᠯᠵᠢᠯᠠᠭ᠎ᠠ ᠬᠤᠶᠠᠭᠳᠤ ᠳᠤᠰᠬᠤᠨ᠎ ᠤ ᠰᠢᠨ᠎ᠠ ᠪᠠᠷ ᠪᠠᠶᠢᠭᠤᠯᠤᠭᠰᠠᠨ ᠠᠯᠪᠠᠨ ᠭᠡᠷ ᠲᠤ ᠦᠨᠳᠦᠷᠯᠡᠯ᠎ᠠ᠃ ᠲᠤᠰ ᠠᠯᠪᠠᠨ ᠭᠡᠷ ᠪᠤᠯ ᠴᠦᠬᠦᠷᠡᠰᠤ ᠶᠢᠨ 2015 ᠤᠨ ᠳᠤ 15 ᠳᠦᠮᠡᠨ ᠳᠦᠬᠦᠷᠢᠭ ᠭᠤᠶᠤᠴᠢᠯᠠᠨ ᠤᠯᠵᠦ᠂ ᠦᠪᠡᠰᠦᠪᠡᠨ 5 ᠳᠦᠮᠡᠨ ᠳᠦᠬᠦᠷᠢᠭ ᠤᠨ ᠪᠡᠯᠡ ᠮᠦᠩᠬᠦ ᠭᠠᠷᠭᠠᠵᠦ ᠪᠠᠶᠢᠭᠤᠯᠤᠭᠰᠠᠨ ᠰᠢᠨ᠎ᠠ ᠠᠯᠪᠠᠨ ᠭᠡᠷ ᠶᠤᠮ᠃ ᠦᠨᠡᠨ ᠳᠡᠭᠡᠨ ᠪᠢ ᠦᠨᠳᠦᠰᠦᠨ ᠱᠠᠳᠤᠨ᠎ ᠤ ᠠᠵᠢᠯ ᠢ ᠬᠢᠬᠦ ᠶᠠᠪᠤᠴᠠ ᠳᠤ ᠠᠷᠠᠳ ᠤᠨ ᠳᠤᠮᠳᠠᠬᠢ ᠵᠦᠷᠢᠴᠡᠯᠳᠦᠬᠡᠨ ᠢ ᠶᠠᠭᠠᠬᠢᠵᠦ ᠰᠢᠢᠳᠪᠦᠷᠢᠯᠡᠬᠦ᠂ ᠬᠦᠮᠦᠰ ᠤᠨ ᠦᠵᠡᠯ ᠪᠤᠳᠤᠯ ᠢ ᠬᠤᠪᠢᠷᠠᠭᠤᠯᠬᠤ ᠭᠡᠪᠡᠯ ᠶᠠᠭᠠᠬᠢᠵᠦ ᠬᠠᠷᠢᠯᠴᠠᠬᠤ ᠲᠤᠬᠠᠢ ᠤᠯᠠᠨ ᠶᠠᠭᠤᠮ᠎ᠠ ᠰᠤᠷᠤᠯᠴᠠᠭᠰᠠᠨ᠂ ᠬᠤᠶᠢᠰᠢᠳᠡ ᠪᠢᠳᠡ ᠪᠠᠰᠠ ᠳᠡᠵᠢᠭᠡᠪᠦᠷᠢ ᠶᠢᠨ ᠦᠢᠯᠡᠰ ᠢᠶᠠᠨ ᠬᠦᠭᠵᠢᠬᠦᠯᠬᠦ᠂ ᠲᠠᠷᠢᠶᠠᠴᠢᠨ ᠠᠶᠢᠯ ᠤᠨ ᠵᠤᠭᠠᠴᠠᠯ ᠢ ᠬᠦᠭᠵᠢᠬᠦᠯᠬᠦ ᠪᠠᠷ ᠳᠦᠯᠦᠪᠯᠡᠵᠦ ᠪᠠᠶᠢᠨ᠎ᠠ ᠭᠡᠵᠦ ᠴᠦᠬᠦᠷᠡᠰᠦ ᠬᠡᠯᠡᠨ᠎ᠠ᠃

 
  
ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com