ᠮᠠᠨ᠎ ᠤ ᠤᠷᠤᠨ᠎ ᠤ ᠤᠢᠢᠯᠡᠰ ᠪᠤᠰᠬᠠᠨ ᠰᠢᠨ᠎ᠠ ᠶᠢ ᠡᠭᠦᠳᠬᠦ ᠰᠢᠨ᠎ᠠ ᠪᠠᠶᠢᠳᠠᠯ ᠢ ᠴᠢᠷᠮᠠᠶᠢᠨ ᠡᠭᠦᠳᠰᠦᠭᠡᠢ ᠬᠡᠵᠤ ᠱᠠᠭᠠᠷᠳᠠᠪᠡ

  10 ᠰᠠᠷ᠎ᠠ ᠶᠢᠨ 9᠎ ᠤ ᠡᠳᠦᠷ᠂ ᠦᠨᠳᠦᠷ ᠬᠢᠷᠢ ᠲᠦᠪᠰᠢᠨ ᠢᠶᠠᠷ ᠤᠢᠢᠯᠡᠰ ᠪᠤᠰᠬᠠᠨ ᠰᠢᠨ᠎ᠠ ᠶᠢ ᠡᠬᠦᠳᠴᠦ ᠴᠢᠨᠡᠷ ᠰᠠᠶᠢᠲᠠᠢ ᠬᠦᠭᠵᠢᠶ᠎ᠠ 2018 ᠤᠨ᠎ ᠤ ᠪᠦᠬᠦ ᠤᠯᠤᠰ ᠤᠨ ᠤᠯᠠᠨ ᠢᠶᠠᠷ ᠢᠶᠠᠨ ᠤᠢᠢᠯᠡᠰ ᠪᠤᠰᠬᠠᠨ ᠨᠠᠶᠢᠲᠡ ᠪᠠᠷ ᠢᠶᠠᠨ ᠰᠢᠨ᠎ᠠ ᠶᠢ ᠡᠭᠦᠳᠬᠦ ᠭᠠᠷᠠᠭ ᠤᠨ ᠠᠵᠢᠯᠯᠠᠭ᠎ᠠ ᠶᠢᠨ ᠦᠪᠦᠷ ᠮᠤᠩᠭᠤᠯ ᠤᠨ ᠬᠤᠪᠢᠶᠠᠷᠢ ᠬᠤᠷᠠᠯ ᠤᠨ ᠲᠠᠯᠠᠪᠠᠢ ᠶᠢᠨ ᠠᠵᠢᠯᠯᠠᠭ᠎ᠠ ᠶᠢᠨ ᠡᠬᠢᠯᠡᠯᠲᠠ ᠶᠢᠨ ᠶᠤᠰᠤᠯᠠᠯ ᠤᠯᠠᠭᠠᠨᠴᠠᠪ ᠬᠤᠲᠠ ᠳᠤ ᠶᠠᠪᠤᠭᠳᠠᠪᠠ᠃

  ᠦᠪᠡᠷᠲᠡᠭᠡᠨ ᠵᠠᠰᠠᠬᠤ ᠤᠷᠤᠨ᠎ ᠤ ᠲᠡᠳ᠋ ᠲᠡᠷᠢᠭᠦᠯᠡᠭᠴᠢ ᠡᠸᠤ ᠶᠠᠩ ᠰᠢᠶᠤᠤ ᠾᠦᠢ ᠶᠤᠰᠤᠯᠠᠯ ᠳᠤ ᠤᠷᠤᠯᠴᠠᠪᠠ᠃

  ᠡᠸᠤ ᠶᠠᠩ ᠰᠢᠶᠤᠤ ᠾᠦᠢ᠂ ᠡᠨᠡ ᠤᠳᠠᠭᠠᠨ᠎ ᠤ ᠠᠵᠢᠯᠯᠠᠭᠠᠨ᠎ ᠤ ᠭᠠᠷᠠᠭ ᠢᠶᠠᠷ ᠠᠵᠠ ᠲᠤᠬᠢᠶᠠᠯ ᠪᠤᠯᠭᠠᠵᠤ᠂ ᠤᠢᠢᠯᠡᠰ ᠪᠤᠰᠬᠠᠨ ᠰᠢᠨ᠎ᠠ ᠶᠢ ᠡᠭᠦᠳᠬᠦ ᠪᠠᠶᠢᠭᠤᠯᠤᠮᠵᠢ ᠲᠤᠭᠲᠠᠴᠠ ᠶᠢ ᠬᠦᠴᠦᠯᠡᠨ ᠰᠢᠯᠢᠳᠡᠭᠵᠢᠭᠦᠯᠵᠤ᠂ ᠤᠢᠢᠯᠡᠰ ᠪᠤᠰᠬᠠᠨ ᠰᠢᠨ᠎ᠠ ᠶᠢ ᠡᠭᠦᠳᠬᠦ ᠲᠦᠷᠤ ᠶᠢᠨ ᠪᠤᠳᠤᠯᠭ᠎ᠠ ᠶᠢᠨ ᠲᠠᠳᠬᠦᠮᠵᠢ ᠶᠢᠨ ᠰᠢᠰᠲ᠋ᠧᠮ ᠢ ᠬᠦᠴᠦᠯᠠᠨ ᠲᠡᠭᠦᠯᠳᠡᠷᠵᠢᠭᠦᠯᠵᠤ᠂ ᠤᠢᠢᠯᠡᠰ ᠪᠤᠰᠬᠠᠨ ᠰᠢᠨ᠎ᠠ ᠶᠢ ᠡᠭᠦᠳᠬᠦ ᠵᠢᠱᠢᠶ᠎ᠠ ᠦᠵᠡᠭᠦᠯᠬᠦ ᠰᠠᠭᠤᠷᠢᠨ᠎ ᠤ ᠪᠦᠲᠦᠭᠡᠨ ᠪᠠᠶᠢᠭᠤᠯᠤᠯᠲᠠ ᠶᠢ ᠬᠦᠴᠦᠯᠡᠨ ᠠᠬᠢᠭᠤᠯᠵᠤ᠂ ᠬᠦᠭᠵᠢᠯᠲᠡ ᠶᠢᠨ ᠰᠢᠨ᠎ᠠ ᠬᠦᠳᠡᠯᠬᠡᠬᠦ ᠬᠦᠴᠦᠨ ᠢ ᠬᠦᠴᠦᠯᠠᠨ ᠬᠦᠮᠦᠵᠢᠭᠦᠯᠵᠤ᠂ ᠤᠢᠢᠯᠡᠰ ᠪᠤᠰᠬᠠᠨ ᠰᠢᠨ᠎ᠠ ᠶᠢ ᠡᠭᠦᠳᠬᠦ ᠰᠤᠶᠤᠯ ᠤᠨ ᠠᠭᠤᠷ ᠠᠮᠢᠰᠬᠤᠯ ᠢ ᠬᠦᠴᠦᠯᠡᠨ ᠪᠤᠢ ᠪᠤᠯᠭᠠᠨ᠂ ᠮᠠᠨ᠎ ᠤ ᠤᠷᠤᠨ᠎ ᠤ ᠤᠢᠢᠯᠡᠰ ᠪᠤᠰᠬᠠᠨ ᠰᠢᠨ᠎ᠠ ᠶᠢ ᠡᠭᠦᠳᠬᠦ ᠰᠢᠨ᠎ᠠ ᠪᠠᠶᠢᠳᠠᠯ ᠢ ᠴᠢᠷᠮᠠᠶᠢᠨ ᠡᠭᠦᠳᠰᠦᠭᠡᠢ ᠬᠡᠵᠤ ᠱᠠᠭᠠᠷᠳᠠᠪᠡ᠃

  ᠡᠬᠢᠯᠡᠯᠲᠠ ᠶᠢᠨ ᠶᠤᠰᠤᠯᠠᠯ ᠲᠡᠭᠡᠷ᠎ᠠ᠂ ᠤᠢᠢᠯᠡᠰ ᠪᠤᠰᠬᠠᠨ ᠰᠢᠨ᠎ᠠ ᠶᠢ ᠡᠭᠦᠳᠬᠦ ᠠᠵᠤ ᠠᠬᠤᠢᠢᠯᠠᠯ᠂ ᠤᠯᠠᠨ ᠢᠶᠠᠷ ᠢᠶᠠᠷ ᠰᠢᠨ᠎ᠠ ᠶᠢ ᠡᠭᠦᠳᠬᠦ ᠤᠷᠤᠨ ᠵᠠᠢ ᠶᠢᠨ ᠲᠦᠯᠦᠭᠡᠯᠡᠭᠴᠢ᠂ ᠤᠢᠢᠯᠡᠰ ᠪᠤᠰᠬᠠᠨ ᠰᠢᠨ᠎ᠠ ᠶᠢ ᠡᠭᠦᠳᠬᠦ ᠶᠡᠭᠡ ᠲᠡᠭᠡᠲᠤ ᠰᠤᠷᠭᠠᠭᠤᠯᠢ ᠶᠢᠨ ᠤᠶᠤᠲᠡᠳ ᠶᠠᠷᠢᠶ᠎ᠠ ᠢᠯᠡᠳᠭᠡᠯ ᠬᠢᠵᠤ ᠤᠢᠢᠯᠡᠰ ᠪᠤᠰᠬᠠᠨ ᠰᠢᠨ᠎ᠠ ᠶᠢ ᠡᠭᠦᠳᠦᠭᠰᠡᠨ ᠲᠤᠷᠰᠢᠯᠭ᠎ᠠ ᠪᠠᠨ ᠰᠤᠯᠢᠯᠴᠠᠭᠰᠠᠨ ᠪᠠᠶᠢᠨ᠎ᠠ᠃ ᠡᠬᠢᠯᠡᠯᠲᠠ ᠶᠢᠨ ᠶᠤᠰᠤᠯᠠᠯ ᠤᠨ ᠲᠠᠷᠠᠭ᠎ᠠ᠂ ᠶᠤᠰᠤᠯᠠᠯ ᠳᠤ ᠤᠷᠤᠯᠴᠠᠭᠰᠠᠳ ᠰᠢᠨ᠎ᠡ ᠶᠢ ᠡᠬᠦᠳᠴᠦ ᠦᠢᠯᠡᠰ ᠪᠤᠰᠬᠠᠭᠰᠠᠨ ᠪᠦᠳᠦᠭᠡᠯ ᠤᠨ ᠳᠡᠯᠬᠡᠨ ᠦᠵᠡᠬᠦᠯᠭᠡ ᠶᠢ ᠲᠤᠭᠤᠷᠢᠨ ᠦᠵᠡᠵᠡᠢ᠃

  ᠤᠢᠢᠯᠠᠭᠠᠭᠰᠠᠨ ᠢᠶᠠᠷ᠂ ᠲᠤᠰ ᠭᠠᠷᠠᠭ ᠤᠨ ᠠᠵᠢᠯᠯᠠᠭ᠎ᠠ ᠨᠢ ᠰᠢ ᠶᠢᠨ ᠫᠢᠡᠭ ᠤᠨ ᠰᠢᠨ᠎ᠠ ᠴᠠᠭ ᠦᠶ᠎ᠠ ᠶᠢᠨ ᠲᠤᠮᠳᠠᠲᠤ ᠤᠯᠤᠰ ᠤᠨ ᠤᠨᠴᠠᠯᠢᠭ ᠲᠠᠢ ᠨᠠᠶᠢᠭᠡᠮ ᠵᠢᠷᠤᠮ ᠤᠨ ᠦᠵᠡᠯ ᠰᠠᠨᠠᠭ᠎ᠠ ᠪᠠ ᠨᠠᠮ ᠤᠨ ᠠᠷᠪᠠ ᠶᠢᠰᠤᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠬᠢᠨᠡᠮᠡᠭᠠᠢ ᠲᠤᠭᠤᠰᠢᠯᠠᠭᠤᠯᠤᠨ᠂ ᠰᠢᠨ᠎ᠠ ᠶᠢ ᠡᠭᠦᠳᠬᠦ ᠪᠠᠷ ᠬᠦᠭᠵᠢᠯᠲᠡ ᠶᠢᠨ ᠬᠦᠳᠡᠯᠭᠡᠬᠦᠷ ᠪᠤᠯᠭᠠᠬᠤ ᠪᠠᠶᠢᠯᠳᠤᠬᠤ ᠪᠤᠳᠤᠯᠭ᠎ᠠ ᠶᠢ ᠬᠦᠨᠵᠡᠭᠡᠢ ᠬᠡᠷᠡᠭᠵᠢᠭᠦᠯᠵᠤ᠂ ᠴᠢᠨᠡᠷ ᠰᠠᠶᠢᠲᠠᠢ ᠬᠦᠭᠵᠢᠯᠲᠡ ᠶᠢ ᠪᠠᠶᠠᠯᠡᠭᠦᠯᠦᠨ᠂ ᠬᠦᠭᠵᠢᠯᠲᠡ ᠶᠢᠨ ᠰᠢᠨ᠎ᠠ ᠬᠦᠳᠡᠯᠬᠡᠬᠦ ᠬᠦᠴᠦᠨ ᠢ ᠪᠤᠶᠢᠵᠢᠭᠤᠯᠵᠤ᠂ ᠤᠯᠠᠨ ᠢᠶᠠᠷ ᠢᠶᠠᠨ ᠤᠢᠢᠯᠡᠰ ᠪᠤᠰᠬᠠᠨ ᠨᠠᠶᠢᠲᠡ ᠪᠠᠷ ᠢᠶᠠᠨ ᠰᠢᠨ᠎ᠠ ᠶᠢ ᠡᠭᠦᠳᠬᠦ ᠶᠢ ᠰᠢᠨ᠎ᠠ ᠬᠢᠷᠢ ᠲᠦᠪᠰᠢᠨ ᠳᠤ ᠭᠠᠷᠭᠠᠬᠤ ᠶᠢ ᠠᠬᠢᠭᠤᠯᠬᠤ ᠪᠠᠷ ᠵᠤᠷᠢᠯᠭ᠎ᠠ ᠪᠠᠨ ᠪᠤᠯᠭᠠᠵᠤ᠂ ᠡᠬᠢᠯᠡᠯᠳᠡ ᠶᠢᠨ ᠶᠤᠰᠤᠯᠠᠯ᠂ ᠰᠢᠨ᠎ᠡ ᠶᠢ ᠡᠬᠦᠳᠴᠦ ᠦᠢᠯᠡᠰ ᠪᠤᠰᠬᠠᠭᠰᠠᠨ ᠪᠦᠳᠦᠭᠡᠯ ᠤᠨ ᠳᠡᠯᠬᠡᠨ ᠦᠵᠡᠬᠦᠯᠭᠡ᠂ ᠲᠤᠰᠬᠠᠢ ᠰᠡᠳᠦᠪᠳᠦ ᠶᠠᠷᠢᠶᠠᠨ᠎ ᠤ ᠲᠠᠪᠴᠠᠩ᠂ ᠤᠯᠠᠨ ᠲᠦᠮᠡᠨ᠎ ᠤ ᠤᠷ᠎ᠠ ᠴᠢᠳᠠᠪᠤᠷᠢ ᠶᠢᠨ ᠮᠦᠷᠦ᠋ᠢᠴᠡᠭᠡᠨ᠂ ᠵᠠᠯᠠᠭᠤᠴᠤᠳ ᠤᠨ ᠰᠢᠨ᠎ᠠ ᠶᠢ ᠡᠬᠦᠳᠤᠨ ᠤᠢᠢᠯᠡᠰ ᠪᠤᠰᠬᠠᠬᠤ ᠲᠦᠷᠦᠯ ᠵᠦᠢᠯ ᠤᠨ ᠳᠠᠨᠢᠯᠴᠠᠭᠤᠯᠭ᠎ᠠ᠂ ᠴᠢᠳᠠᠪᠤᠷᠢᠳᠠᠨ ᠡᠯᠰᠡᠬᠦ ᠴᠤᠭᠯᠠᠭᠠᠨ ᠵᠡᠷᠭᠡ 6 ᠳᠠᠯ᠎ᠠ ᠶᠢᠨ ᠠᠭᠤᠯᠭ᠎ᠠ ᠪᠠᠷ 10 ᠰᠠᠷ᠎ᠠ ᠶᠢᠨ 15 ᠪᠤᠯᠳᠠᠯ᠎ᠠ ᠶᠠᠪᠤᠭᠳᠠᠨ᠎ᠠ᠃

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com