ᠠᠷᠪᠠᠳᠤᠭᠠᠷ ᠬᠤᠭᠤᠴᠠᠭᠠᠨ ᠤ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠨᠢᠬᠡᠳᠤᠭᠡᠷ ᠡᠬᠡᠯᠵᠢ ᠶᠢᠨ ᠲᠤᠭᠤᠷᠢᠨ ᠪᠠᠶᠢᠴᠠᠭᠠᠵᠤ ᠬᠠᠷᠢᠭᠤ ᠲᠤᠰᠬᠠᠭᠰᠠᠠ ᠰᠠᠨᠠᠯ ᠢᠶᠠᠷ ᠴᠡᠭᠴᠡᠯᠡᠨ ᠰᠠᠶᠢᠵᠢᠷᠠᠭᠤᠯᠤᠭᠰᠠᠠ ᠪᠠᠶᠢᠳᠠᠯ ᠤᠨ ᠲᠤᠬᠠᠢ ᠵᠠᠷᠯᠠᠯ

 ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠲᠤᠭᠤᠷᠢᠨ ᠪᠠᠶᠢᠴᠠᠭᠠᠬᠤ ᠠᠵᠢᠯ ᠤᠨ ᠪᠠᠶᠢᠷᠢᠯᠠᠭᠤᠯᠤᠯᠳᠡ ᠪᠠᠷ᠂ 2017 ᠤᠨ ᠤ 5 ᠰᠠᠷ᠎ᠠ ᠶᠢᠨ 20᠎ ᠤ ᠡᠳᠤᠷ ᠠᠴᠠ 7 ᠰᠠᠷ᠎ᠠ ᠶᠢᠨ 20᠎ ᠤ ᠡᠳᠤᠷ ᠪᠤᠯᠳᠠᠯ᠎ᠠ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠨᠡᠶᠢᠳᠡ 14 ᠲᠤᠭᠤᠷᠢᠨ ᠪᠠᠶᠢᠴᠠᠭᠠᠬᠤ ᠲᠤᠭᠤᠢᠢᠯᠠᠩ ᠲᠤᠮᠢᠯᠠᠵᠥ᠂ ᠪᠦᠬᠦ ᠤᠷᠤᠨ ᠤ 12 ᠠᠶᠢᠮᠠᠭ ᠬᠤᠳᠠ᠂ 12 ᠬᠤᠰᠢᠭᠤ ᠰᠢᠶᠠᠨ (ᠬᠤᠳᠠ᠂ ᠲᠤᠭᠤᠷᠢᠭ)᠎ ᠳᠤ ᠬᠡᠪ ᠤᠨ ᠲᠤᠭᠤᠷᠢᠨ ᠪᠠᠶᠢᠴᠠᠭᠠᠯᠳᠡ ᠦᠷᠨᠢᠬᠦᠯᠵᠥ᠂ ᠵᠠᠰᠠᠭ ᠤᠨ ᠤᠷᠳᠤᠨ ᠤ ᠪᠡᠯᠡ ᠤᠷᠤᠭᠤᠯᠤᠯᠳᠠ ᠪᠠᠷ ᠭᠤᠤᠯ ᠪᠤᠯᠭᠠᠭᠰᠠᠠ 8 ᠴᠢᠬᠤᠯᠠ ᠶᠡᠭᠡ ᠲᠦᠷᠦᠯ ᠵᠦᠢᠯ ᠳᠤ ᠲᠤᠰᠬᠠᠢ ᠲᠤᠭᠤᠷᠢᠨ ᠪᠠᠶᠢᠴᠠᠭᠠᠯᠳᠡ ᠦᠷᠨᠢᠬᠦᠯᠪᠡ᠃ 2017 ᠤᠨ ᠤ 8 ᠰᠠᠷ᠎ᠠ ᠶᠢᠨ ᠰᠡᠬᠦᠯᠴᠢ ᠪᠠᠷ᠂ ᠲᠤᠭᠤᠷᠢᠨ ᠪᠠᠶᠢᠴᠠᠭᠠᠬᠤ ᠲᠤᠭᠤᠢᠢᠯᠠᠩ ᠬᠠᠷᠢᠭᠤ ᠰᠠᠨᠠᠯ ᠲᠤᠰᠬᠠᠭᠰᠠᠠ ᠤ ᠲᠠᠷᠠᠭ᠎ᠠ᠂ ᠲᠤᠭᠤᠷᠢᠨ ᠪᠠᠶᠢᠴᠠᠭᠠᠯᠳᠡ ᠶᠢ ᠬᠦᠯᠢᠶᠡᠭᠰᠡᠡ ᠭᠠᠵᠠᠷ ᠤᠷᠤᠨ ᠤ ᠨᠠᠮ ᠤᠨ ᠬᠤᠷᠢᠶ᠎ᠠ ᠴᠡᠭᠴᠡᠯᠡᠨ ᠰᠠᠶᠢᠵᠢᠷᠠᠭᠤᠯᠬᠤ ᠲᠦᠰᠦᠯ ᠢ ᠨᠠᠷᠢᠨ ᠬᠢᠨᠠᠮᠠᠭᠠᠢ ᠲᠤᠭᠳᠠᠭᠠᠵᠥ᠂ ᠴᠡᠭᠴᠡᠯᠡᠨ ᠰᠠᠶᠢᠵᠢᠷᠠᠭᠤᠯᠬᠤ ᠱᠠᠭᠠᠷᠳᠠᠯᠭ᠎ᠠ ᠶᠢ ᠲᠤᠳᠤᠷᠬᠠᠢᠢᠯᠠᠵᠥ᠂ ᠴᠡᠭᠴᠡᠯᠡᠨ ᠰᠠᠶᠢᠵᠢᠷᠠᠭᠤᠯᠬᠤ ᠡᠷᠴᠢᠮ ᠢᠶᠠᠨ ᠴᠢᠩᠭᠠᠷᠠᠭᠤᠯᠵᠥ᠂ ᠴᠡᠭᠴᠡᠯᠡᠨ ᠰᠠᠶᠢᠵᠢᠷᠠᠭᠤᠯᠬᠤ ᠠᠵᠢᠯ ᠱᠠᠳᠤᠴᠢ ᠴᠢᠨᠠᠷᠳᠠᠢ ᠦᠷ᠎ᠡ ᠪᠦᠳᠦᠮᠵᠢ ᠤᠯᠤᠭᠰᠠᠠ ᠪᠠᠶᠢᠨ᠎ᠠ᠃ ᠠᠷᠪᠠᠳᠤᠭᠠᠷ ᠬᠤᠭᠤᠴᠠᠭᠠᠨ ᠤ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠨᠢᠬᠡᠳᠤᠭᠡᠷ ᠡᠬᠡᠯᠵᠢ ᠶᠢᠨ ᠲᠤᠭᠤᠷᠢᠨ ᠪᠠᠶᠢᠴᠠᠭᠠᠯᠳᠡ ᠳᠤ 24 ᠲᠤᠭᠤᠷᠢᠨ ᠪᠠᠶᠢᠴᠠᠭᠠᠯᠳᠡ ᠶᠢ ᠬᠦᠯᠢᠶᠡᠭᠰᠡᠡ ᠭᠠᠵᠠᠷ ᠤᠷᠤᠨ ᠳᠤ ᠨᠡᠶᠢᠳᠠ 537 ᠠᠰᠠᠭᠤᠳᠠᠯ ᠢ ᠬᠠᠷᠢᠭᠤ ᠲᠤᠰᠬᠠᠵᠥ᠂ ᠴᠡᠭᠴᠡᠯᠡᠨ ᠰᠠᠶᠢᠵᠢᠷᠠᠭᠤᠯᠤᠭᠠᠳ ᠢᠯᠡᠳᠳᠡ ᠦᠷ᠎ᠡ ᠪᠦᠳᠦᠮᠵᠢ ᠤᠯᠤᠭᠰᠠᠠ ᠨᠢ 390 ᠪᠠᠶᠢᠵᠥ᠂ ᠴᠡᠭᠴᠡᠯᠡᠨ ᠰᠠᠶᠢᠵᠢᠷᠠᠭᠤᠯᠤᠭᠰᠠᠠ ᠲᠤᠮᠳᠠᠴᠢ ᠨᠤᠷᠮ᠎ᠠ 72.6%᠎ ᠲᠤ ᠬᠦᠷᠴᠦ᠂ ᠠᠰᠠᠭᠤᠯᠳᠠ ᠶᠢᠨ ᠬᠠᠭᠤᠳᠠᠰᠤ ᠪᠠᠷ ᠪᠠᠶᠢᠴᠠᠭᠠᠭᠰᠠᠠ ᠺᠠᠳ᠋ᠷ ᠤᠯᠠᠨ ᠲᠦᠮᠡᠨ ᠤ ᠲᠤᠭᠤᠷᠢᠨ ᠪᠠᠶᠢᠴᠠᠭᠠᠵᠥ ᠴᠡᠭᠴᠡᠯᠡᠨ ᠰᠠᠶᠢᠵᠢᠷᠠᠭᠤᠯᠬᠤ ᠠᠵᠢᠯ ᠳᠤ ᠬᠠᠨᠤᠮᠵᠢᠳᠠᠢ ᠪᠠᠶᠢᠬᠤ ᠨᠤᠷᠮ᠎ᠡ 95%᠎ ᠠᠴᠠ ᠲᠡᠭᠡᠭᠰᠢ ᠳᠤ ᠬᠦᠷᠦᠭᠰᠡᠡ ᠪᠠᠶᠢᠨ᠎ᠠ᠃ ᠤᠳᠤᠷᠢᠳᠬᠤ ᠺᠠᠳ᠋ᠷ ᠤᠨ ᠠᠰᠠᠭᠤᠳᠠᠯ ᠤᠨ ᠰᠦᠪᠡᠭᠴᠢ ᠶᠢ 394 ᠵᠤᠷᠪᠤᠰ ᠢᠯᠡᠷᠡᠬᠦᠯᠥᠨ ᠲᠤᠰᠬᠠᠪᠠ᠂ ᠡᠬᠦᠨ ᠳᠤ ᠲᠢᠩᠬᠢᠮ ᠤᠨ ᠲᠡᠰ ᠤᠨ ᠺᠠᠳ᠋ᠷ ᠲᠤ ᠬᠤᠯᠪᠤᠭᠳᠠᠭᠰᠠᠠ ᠬᠡᠷᠡᠭ 99᠂ ᠭᠠᠵᠠᠷ ᠤᠨ ᠲᠡᠰ ᠤᠨ ᠺᠠᠳ᠋ᠷ ᠲᠤ ᠬᠤᠯᠪᠤᠭᠳᠠᠭᠰᠠᠠ ᠬᠡᠷᠡᠭ 212᠂ ᠰᠠᠯᠠᠭ᠎ᠠ ᠶᠢᠨ ᠲᠡᠰ ᠵᠢᠴᠢ ᠲᠤᠷᠤᠭᠰᠢᠬᠢ ᠺᠠᠳ᠋ᠷ ᠲᠤ ᠬᠤᠯᠪᠤᠭᠳᠠᠭᠰᠠᠠ ᠬᠡᠷᠡᠭ 75 ᠪᠠᠶᠢᠵᠥ᠂ ᠨᠢᠬᠡᠴᠡ ᠶᠢᠨ ᠠᠰᠠᠭᠤᠳᠠᠯ ᠤᠨ ᠰᠦᠪᠡᠭᠴᠢ ᠶᠢ 8 ᠲᠤᠰᠬᠠᠭᠰᠠᠠ ᠪᠠᠶᠢᠨ᠎ᠠ᠃ ᠤᠳᠤᠬᠠᠨ ᠪᠤᠯᠳᠠᠯ᠎ᠠ᠂ 133 ᠬᠡᠷᠡᠭ ᠢ ᠠᠩᠬ᠎ᠠ ᠠᠯᠬᠤᠮ ᠬᠠᠷᠭᠤᠭᠤᠯᠵᠥ᠂ 40 ᠬᠡᠷᠡᠭ ᠢ ᠶᠠᠷᠢᠯᠴᠠᠨ ᠵᠠᠬᠢᠳᠠᠯ ᠢᠶᠠᠷ ᠠᠰᠠᠭᠤᠵᠥ᠂ 32 ᠬᠡᠷᠡᠭ ᠢ ᠲᠠᠩᠰᠠᠯᠠᠨ ᠬᠢᠨᠠᠨ ᠪᠠᠶᠢᠴᠠᠭᠠᠵᠥ᠂ 21 ᠬᠦᠮᠥᠨ ᠳᠤ ᠨᠠᠮ ᠵᠠᠰᠠᠭ ᠤᠨ ᠰᠠᠬᠢᠯᠭ᠎ᠠ ᠪᠠᠳᠤ ᠶᠢᠨ ᠰᠢᠳᠬᠡᠯ ᠦᠭᠴᠦ᠂ 9 ᠬᠦᠮᠥᠨ ᠲᠠᠢ ᠢᠳᠬᠠᠨ ᠶᠠᠷᠢᠯᠴᠠᠵᠥ᠂ 21 ᠬᠦᠮᠥᠨ ᠲᠠᠢ ᠰᠡᠷᠡᠮᠵᠢᠯᠡᠬᠦᠯᠥᠨ ᠶᠠᠷᠢᠯᠴᠠᠪᠠ᠃

 ᠬᠦᠬᠡᠬᠤᠳᠠ

 ● ᠬᠤᠶᠠᠷ ᠬᠠᠷᠢᠭᠤᠴᠠᠯᠭ᠎ᠠ ᠎ ᠶᠢ ᠰᠠᠶᠢᠳᠤᠷ ᠬᠦᠢᠴᠡᠳᠭᠡᠭᠰᠡᠡ ᠦᠭᠡᠢ ᠠᠰᠠᠭᠤᠳᠠᠯ ᠳᠤ 24 ᠬᠦᠮᠥᠨ ᠠᠴᠠ ᠬᠠᠷᠢᠭᠤᠴᠠᠯᠭ᠎ᠠ ᠨᠡᠬᠡᠮᠵᠢᠯᠡᠵᠥ᠂ 4 ᠬᠦᠮᠥᠨ ᠳᠤ ᠨᠠᠮ ᠵᠠᠰᠠᠭ ᠤᠨ ᠰᠠᠬᠢᠯᠭ᠎ᠠ ᠪᠠᠳᠤ ᠶᠢᠨ ᠰᠢᠳᠭᠡᠯ ᠦᠭᠴᠦ᠂ ᠲᠦᠪ ᠤᠨ ᠨᠠᠢᠮᠠᠨ ᠲᠤᠭᠳᠠᠭᠠᠯ ᠤᠨ ᠵᠤᠷᠢᠭ ᠰᠠᠨᠠᠭ᠎ᠠ ᠶᠢ ᠵᠦᠷᠢᠴᠡᠭᠰᠡᠡ 19 ᠠᠰᠠᠭᠤᠳᠠᠯ ᠢ ᠪᠠᠶᠢᠴᠠᠭᠠᠨ ᠰᠢᠳᠬᠡᠵᠥ᠂ 22 ᠬᠦᠮᠥᠨ ᠢ ᠰᠢᠢᠳᠪᠤᠷᠢᠯᠠᠵᠥ᠂ 16 ᠬᠦᠮᠥᠨ ᠳᠤ ᠨᠠᠮ ᠵᠠᠰᠠᠭ ᠤᠨ ᠰᠠᠬᠢᠯᠭ᠎ᠠ ᠪᠠᠳᠤ ᠶᠢᠨ ᠰᠢᠳᠭᠡᠯ ᠦᠭᠪᠠ᠃

 ● ᠤᠯᠠᠨ ᠲᠦᠮᠡᠨ ᠤ ᠲᠡᠷᠬᠡᠳᠡ ᠭᠠᠷᠤᠭᠰᠠᠠ ᠲᠦᠪ ᠪᠤᠰᠤ ᠰᠤᠷᠳᠠᠯ ᠢ ᠴᠢᠩᠭ᠎ᠠ ᠵᠠᠯᠬᠠᠭᠠᠨ ᠰᠢᠳᠬᠡᠭᠰᠡᠡ ᠦᠭᠡᠢ ᠠᠰᠠᠭᠤᠳᠠᠯ ᠢᠶᠠᠷ᠂ ᠰᠠᠬᠢᠯᠭ᠎ᠠ ᠪᠠᠳᠤ ᠶᠢ ᠦᠨᠳᠦᠰᠦᠯᠡᠨ ᠰᠠᠶᠢᠬᠠᠨ ᠲᠤᠭᠤᠷᠢᠭ ᠤᠨ ᠤᠯᠤᠰ ᠤᠨ ᠭᠠᠵᠠᠷ ᠰᠢᠷᠤᠢ ᠡᠬᠢ ᠪᠠᠶᠠᠯᠢᠭ ᠤᠨ ᠬᠤᠪᠢᠶᠠᠷᠢ ᠲᠤᠪᠴᠢᠶᠠᠨ ᠤ ᠤᠤᠯ ᠤᠨ ᠨᠠᠮ ᠤᠨ ᠡᠬᠦᠷ ᠤᠨ ᠱᠦᠵᠢ ᠳᠤ ᠨᠠᠮ ᠠᠴᠠ ᠬᠦᠬᠡᠬᠡᠬᠦ᠂ ᠠᠵᠢᠯ ᠠᠴᠠ ᠨᠢ ᠬᠦᠬᠡᠬᠡᠬᠦ ᠰᠢᠳᠬᠡᠯ ᠦᠭᠴᠦ᠂ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠬᠦᠯᠥᠨ ᠬᠦᠷᠬᠡᠪᠡ᠃

 ᠬᠦᠬᠡᠬᠤᠳᠠ ᠶᠢᠨ ᠦᠴᠤᠸᠠᠨ ᠰᠢᠶᠠᠨ

 ● ᠤᠨᠴᠠ ᠵᠠᠷᠢᠮ ᠰᠢᠶᠠᠩ ᠪᠠᠯᠭᠠᠰᠤ᠂ ᠰᠢᠶᠠᠨ ᠤ ᠰᠢᠭᠤᠳ ᠬᠠᠷᠢᠶ᠎ᠠ ᠪᠠᠶᠢᠭᠤᠯᠤᠯᠭ᠎ᠠ ᠶᠢᠨ ᠨᠠᠮ ᠤᠨ ᠪᠠᠶᠢᠭᠤᠯᠤᠯᠳᠠ ᠶᠢᠨ ᠠᠵᠢᠯ ᠳᠤ ᠬᠤᠳᠠᠯ ᠬᠡᠯᠡᠵᠥ ᠬᠠᠭᠤᠷᠮᠠᠬᠯᠠᠨ ᠵᠤᠬᠢᠶᠠᠭᠰᠠᠠ ᠠᠰᠠᠭᠤᠳᠠᠯ ᠢᠶᠠᠷ᠂ 1 ᠪᠠᠯᠭᠠᠰᠤᠨ ᠤ ᠨᠠᠮ ᠤᠨ ᠬᠤᠷᠢᠶᠠᠨ ᠤ ᠱᠦᠵᠢ ᠳᠤ ᠨᠠᠮ ᠤᠨ ᠲᠤᠳᠤᠷ᠎ᠠ ᠴᠢᠩᠭ᠎ᠠ ᠲᠤᠩᠭᠤᠳᠬᠤ ᠰᠢᠳᠬᠡᠯ ᠦᠭᠬᠦᠭᠰᠡᠡ ᠪᠦᠭᠡᠳ ᠤᠳᠤᠷᠢᠳᠬᠤ ᠪᠠᠶᠢᠷᠢ ᠠᠴᠠ ᠨᠢ ᠰᠢᠯᠵᠢᠬᠦᠯᠪᠡ᠂ 1 ᠲᠤᠪᠴᠢᠶ ᠎ᠠ ᠶᠢᠨ ᠨᠠᠮ ᠤᠨ ᠤᠳᠤᠷᠢᠳᠬᠤ ᠲᠤᠭᠤᠢᠢᠯᠠᠩ ᠤᠨ ᠱᠦᠵᠢ ᠳᠤ ᠨᠠᠮ ᠤᠨ ᠲᠤᠳᠤᠷ᠎ᠠ ᠴᠢᠩᠭ᠎ᠠ ᠲᠤᠩᠭᠤᠳᠬᠤ ᠰᠢᠳᠬᠡᠯ ᠦᠭᠴᠦ᠂ ᠪᠤᠳᠠᠳᠠᠢ ᠬᠠᠷᠢᠭᠤᠴᠠᠯᠭ᠎ᠠ ᠲᠠᠢ 3 ᠬᠦᠮᠥᠨ ᠲᠠᠢ ᠢᠳᠬᠠᠨ ᠶᠠᠷᠢᠯᠴᠠᠵᠥ᠂ ᠵᠠᠷᠯᠢᠬᠳᠡᠵᠥ ᠬᠦᠨᠵᠡᠬᠡᠢ ᠪᠠᠶᠢᠴᠠᠭᠠᠯᠳᠡ ᠬᠢᠯᠬᠡᠪᠡ᠃

 ● ᠠᠭᠤᠷᠬᠠᠢ ᠮᠠᠯᠳᠠᠭᠰᠠᠠ ᠠᠴᠠ ᠪᠤᠯᠵᠥ ᠲᠠᠯᠠᠨ ᠬᠠᠷ᠎ᠠ ᠠᠭᠤᠯᠠ ᠶᠢᠨ ᠠᠮᠢ ᠠᠬᠤᠢ ᠶᠢᠨ ᠬᠠᠮᠠᠭᠠᠯᠠᠯᠳᠡ ᠶᠢᠨ ᠤᠷᠤᠨ ᠤ ᠠᠮᠢ ᠠᠬᠤᠢ ᠡᠪᠳᠡᠭᠳᠡᠭᠰᠡᠡ ᠠᠰᠠᠭᠤᠳᠠᠯ ᠢᠶᠠᠷ᠂ 30 ᠦᠢᠯᠡᠳᠪᠤᠷᠢ ᠠᠭᠤᠷᠬᠠᠢ ᠠᠵᠥ ᠠᠬᠤᠢᠢᠯᠠᠯ ᠢ ᠴᠡᠪᠡᠷᠯᠡᠵᠥ ᠡᠬᠦᠳᠡ ᠶᠢ ᠨᠢ ᠬᠠᠭᠠᠯᠭᠠᠪᠠ᠃

 ᠪᠤᠭᠤᠳᠤ ᠬᠤᠳᠠ

 ● ᠠᠵᠥ ᠠᠬᠤᠢ ᠶᠢᠨ ᠬᠦᠭᠵᠢᠯᠳᠡ ᠶᠢᠨ ᠠᠷᠭ᠎ᠠ ᠬᠡᠯᠪᠡᠷᠢ ᠶᠢ ᠬᠤᠪᠢᠷᠠᠭᠤᠯᠤᠭᠰᠠᠠ ᠢᠶᠠᠷ ᠲᠤᠳᠠᠮᠠᠭ ᠠᠰᠠᠭᠤᠳᠠᠯ ᠢᠶᠠᠷ᠂ ᠲᠤᠮᠳᠠᠳᠤ ᠤᠯᠤᠰ ᠤᠨ ᠢᠨᠵᠧᠨᠧᠷᠢᠩ ᠤᠨ ᠬᠦᠷᠢᠶᠡᠯᠡᠩ ᠳᠤ ᠨᠡᠶᠢᠳᠡᠨ ᠬᠤᠪᠤᠷ ᠰᠢᠷᠤᠢ ᠶᠢᠨ ᠠᠵᠥ ᠦᠢᠯᠡᠰ ᠤᠨ ᠬᠦᠭᠵᠢᠯᠳᠡ ᠶᠢᠨ ᠠᠵᠢᠯᠯᠠᠭᠠᠨ ᠤ 5 ᠵᠢᠯ ᠤᠨ ᠲᠦᠯᠥᠪᠯᠡᠭᠡ ᠶᠢ ᠨᠠᠶᠢᠷᠠᠭᠤᠯᠤᠨ ᠲᠤᠭᠳᠠᠭᠠᠵᠥ᠂ ᠴᠢᠩᠬᠤᠸᠠ ᠶᠡᠭᠡ ᠰᠤᠷᠭᠠᠭᠤᠯᠢ ᠲᠠᠢ ᠬᠠᠮᠳᠤᠷᠠᠨ ᠪᠤᠭᠤᠳᠤ ᠶᠢᠨ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠲᠤᠮᠤ ᠳ᠋ᠠᠶᠢᠲ᠋ᠠ ᠶᠢᠨ ᠰᠤᠳᠤᠯᠭᠠᠨ ᠤ ᠬᠦᠷᠢᠶᠡᠯᠡᠩ ᠢ ᠪᠠᠶᠢᠭᠤᠯᠵᠥ᠂ ᠤᠶᠤᠨᠴᠢ ᠵᠤᠬᠢᠶᠠᠨ ᠦᠢᠯᠡᠳᠬᠦ᠂ ᠤᠳᠤ ᠦᠶ᠎ᠡ ᠶᠢᠨ ᠮᠠᠯ ᠠᠵᠥ ᠠᠬᠤᠢ ᠲᠠᠷᠢᠶᠠᠯᠠᠩ᠂ ᠡᠯᠧᠺᠲᠷᠤᠨ ᠬᠤᠳᠠᠯᠳᠤᠭᠠᠨ ᠤ ᠶᠠᠪᠤᠳᠠᠯ᠂ ᠮᠡᠳᠡᠭᠡ ᠵᠠᠩᠬᠢ ᠶᠢᠨ ᠠᠮᠤᠷ ᠲᠦᠪᠰᠢᠨ ᠤ ᠬᠦᠷᠢᠶᠡᠨ ᠳᠤ ᠨᠢᠬᠡ ᠪᠦᠯᠥᠭ ᠲᠤᠮᠤ ᠳ᠋ᠠᠶᠢᠲ᠋ᠠ ᠶᠢᠨ ᠲᠦᠷᠦᠯ ᠵᠦᠢᠯ ᠢ ᠬᠡᠷᠡᠭᠵᠢᠬᠦᠯᠪᠡ᠃

 ● ᠦᠩᠬᠡᠷᠡᠬᠦ ᠭᠠᠯᠠᠭᠤ ᠶᠢᠨ ᠦᠳᠤ ᠶᠢ ᠰᠤᠭᠤᠯᠬᠤ ᠮᠠᠶ᠋ᠢᠭ ᠤᠨ ᠢᠯᠵᠢᠷᠡᠯ ᠤᠨ ᠠᠰᠠᠭᠤᠳᠠᠯ ᠨᠡᠯᠢᠶᠡᠳ ᠤᠯᠠᠨ ᠪᠠᠶᠢᠬᠤ ᠪᠠᠶᠢᠳᠠᠯ ᠢᠶᠠᠷ᠂ ᠲᠦᠪᠯᠡᠷᠡᠬᠦᠯᠥᠨ ᠴᠡᠭᠴᠡᠯᠡᠨ ᠵᠠᠰᠠᠬᠤ ᠠᠵᠢᠯ ᠢ ᠦᠷᠨᠢᠬᠦᠯᠵᠥ᠂ 106 ᠬᠦᠮᠥᠨ ᠳᠤ ᠨᠠᠮ ᠵᠠᠰᠠᠭ ᠤᠨ ᠰᠠᠬᠢᠯᠭ᠎ᠠ ᠪᠠᠳᠤ ᠶᠢᠨ ᠰᠢᠳᠬᠡᠯ ᠦᠭᠴᠦ᠂ 40 ᠬᠦᠮᠥᠨ ᠢ ᠵᠤᠬᠢᠶᠠᠨ ᠪᠠᠶᠢᠭᠤᠯᠤᠯᠳᠡ ᠠᠴᠠ ᠰᠢᠢᠳᠪᠤᠷᠢᠯᠡᠵᠥ᠂ 12 ᠬᠦᠮᠥᠨ ᠢ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠬᠦᠯᠥᠨ ᠲᠤᠰᠢᠶᠠᠪᠠ᠃

 ᠪᠤᠭᠤᠲᠤ ᠬᠤᠲᠠ ᠶᠢᠨ ᠳ᠋ᠦᠩ ᠾᠧ ᠲᠤᠭᠤᠷᠢᠭ

 ● ᠬᠡᠰᠡᠭ ᠨᠢᠭᠡᠴᠡ ᠶᠢᠨ ᠠᠯᠪᠠᠨ ᠳᠤ ᠬᠡᠷᠡᠭᠯᠡᠬᠦ ᠭᠡᠷ ᠪᠠᠶᠢᠰᠢᠩ ᠤᠨ ᠪᠠᠷᠢᠮᠵᠢᠶ᠎ᠠ ᠠᠴᠠ ᠬᠡᠳᠦᠷᠡᠭᠰᠡᠨ ᠠᠰᠠᠭᠤᠳᠠᠯ ᠳᠤ᠂ 14 ᠨᠢᠭᠡᠴᠡ ᠶᠢᠨ ᠭᠤᠤᠯ ᠤᠳᠤᠷᠢᠳᠤᠯᠭ᠎ᠠ ᠲᠠᠢ ᠪᠤᠯᠵᠤᠨ ᠶᠠᠷᠢᠯᠴᠠᠵᠤ᠂ 10 ᠲᠡᠭᠰᠢ ᠳᠦᠷᠪᠡᠯᠵᠢᠨ ᠮᠧᠲᠷ ᠠᠴᠠ ᠬᠡᠳᠦᠷᠡᠭᠰᠡᠨ 6 ᠰᠠᠯᠠᠭᠠᠨ ᠳᠡᠰ ᠤᠨ ᠺᠠᠳ᠋ᠷ ᠲᠠᠢ ᠢᠳᠬᠠᠨ ᠶᠠᠷᠢᠯᠴᠠᠵᠤ᠂ ᠪᠢᠴᠢᠭ ᠤᠨ ᠬᠡᠯᠪᠡᠷᠢ ᠶᠢᠨ ᠪᠠᠶᠢᠴᠠᠭᠠᠯᠲᠠ ᠬᠢᠬᠦ ᠪᠠᠷ ᠵᠠᠷᠯᠢᠭᠳᠠᠪᠠ᠃

 ● ᠡᠯ ᠳ᠋ᠤᠤ ᠾᠧ ᠶᠢᠨ ᠪᠤᠬᠢᠷ ᠤᠰᠤ ᠶᠢ ᠭᠠᠳᠠᠭᠰᠢᠯᠠᠭᠤᠯᠬᠤ ᠠᠰᠠᠭᠤᠳᠠᠯ ᠳᠤ ᠴᠢᠭᠯᠡᠭᠦᠯᠦᠨ᠂ ᠱᠤᠭᠤᠮ ᠳᠠᠭᠠᠤ 3.96 ᠺᠢᠯᠣᠮᠧᠲᠷ ᠪᠤᠬᠢᠷ ᠤᠰᠤᠨ ᠤ ᠬᠤᠭᠤᠯᠠᠢ ᠵᠠᠰᠠᠵᠤ᠂ ᠠᠮᠢᠳᠤᠷᠠᠯ ᠠᠴᠠ ᠪᠤᠢ ᠪᠤᠯᠤᠭᠰᠠᠨ ᠪᠤᠬᠢᠷ ᠤᠰᠤ ᠶᠢ ᠪᠦᠬᠦᠨ ᠢ ᠬᠤᠲᠠ ᠶᠢᠨ ᠪᠤᠬᠢᠷ ᠤᠰᠤ ᠰᠢᠢᠳᠪᠦᠷᠢᠯᠡᠬᠦ ᠦᠢᠯᠡᠳᠪᠦᠷᠢ ᠳᠤ ᠳᠠᠳᠠᠵᠤ ᠠᠪᠴᠢᠷᠠᠵᠠᠢ᠃

 ᠬᠦᠯᠤᠨ ᠪᠤᠶᠢᠷ ᠬᠤᠲᠠ

 ● ᠤᠷᠴᠢᠨ ᠲᠤᠭᠤᠷᠢᠨ ᠢ ᠡᠪᠳᠡᠵᠤ ᠤᠰᠤᠨ ᠤ ᠡᠬᠢ ᠪᠠᠶᠠᠯᠢᠭ ᠢ ᠪᠤᠬᠢᠷᠳᠤᠭᠤᠯᠵᠤ ᠪᠠᠶᠢᠬᠤ ᠠᠰᠠᠭᠤᠳᠠᠯ ᠳᠤ᠂ 1000᠎ ᠠᠴᠠ ᠳᠡᠭᠡᠭᠰᠢ ᠬᠦᠮᠦᠰ ᠲᠤ ᠤᠰᠤ ᠬᠠᠩᠭᠠᠵᠤ ᠪᠠᠶᠢᠭ᠎ᠠ ᠤᠰᠤᠨ ᠤ ᠡᠬᠢ ᠰᠤᠷᠪᠤᠯᠵᠢ ᠶᠢᠨ ᠭᠠᠵᠠᠷ ᠢ ᠪᠠᠶᠢᠴᠠᠭᠠᠵᠤ᠂ 15 ᠭᠠᠵᠠᠷ ᠢ ᠦᠭᠡᠷᠡᠴᠢᠯᠡᠨ ᠵᠠᠰᠠᠵᠤ᠂ 43 ᠭᠠᠵᠠᠷ ᠢ ᠰᠢᠯᠵᠢᠭᠦᠯᠦᠨ ᠪᠠᠶᠢᠭᠤᠯᠵᠠᠢ᠃

 ● ᠬᠦᠯᠦᠨ ᠨᠠᠭᠤᠷ ᠤᠨ ᠶᠡᠷᠦᠩᠬᠡᠶᠢᠯᠡᠭᠰᠡᠨ ᠵᠠᠰᠠᠯᠲᠠ ᠳᠤ ᠤᠷᠤᠰᠢᠵᠤ ᠪᠠᠶᠢᠭ᠎ᠠ ᠠᠰᠠᠭᠤᠳᠠᠯ ᠳᠤ ᠴᠢᠭᠯᠡᠭᠦᠯᠦᠨ᠂ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠤᠨ 18 ᠲᠦᠷᠦᠯ ᠵᠦᠢᠯ ᠳᠠᠬᠢ 6 ᠲᠦᠷᠦᠯ ᠵᠦᠢᠯ ᠤᠨ ᠡᠭᠦᠷᠭᠡ ᠶᠢ ᠨᠢᠭᠡᠨᠲᠡ ᠪᠡᠶᠡᠯᠡᠭᠦᠯᠵᠤ᠂ ᠨᠡᠶᠢᠳᠡ 8.5 ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠤᠯᠲᠠ ᠶᠢ ᠪᠡᠶᠡᠯᠡᠭᠦᠯᠵᠠᠢ᠃

 ᠶᠠᠭᠰᠢ ᠬᠤᠳᠠ

 ● ᠬᠢᠩᠭᠠᠨ ᠰᠢᠨ᠎ᠠ ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠬᠡᠪᠴᠢᠶ᠎ᠠ ᠶᠢ ᠬᠡᠳᠦᠷᠬᠡᠢ ᠶᠡᠭᠡ ᠪᠠᠷ ᠲᠦᠯᠦᠪᠵᠢᠭᠦᠯᠦᠭᠰᠡᠨ ᠠᠰᠠᠭᠤᠳᠠᠯ ᠳᠤ ᠴᠢᠭᠯᠡᠭᠦᠯᠦᠨ᠂ ᠤᠤᠯ ᠤᠨ 15 ᠳᠡᠭᠰᠢ ᠳᠦᠷᠪᠡᠯᠵᠢᠨ ᠺᠢᠯᠣᠮᠧᠲᠷ ᠢᠶᠠᠷ ᠲᠦᠯᠦᠪᠵᠢᠭᠦᠯᠵᠤ ᠪᠠᠶᠢᠭᠰᠠᠨ ᠢ ᠪᠠᠭᠠᠰᠬᠠᠭᠠᠳ 12 ᠲᠡᠭᠰᠢ ᠳᠦᠷᠪᠡᠯᠵᠢᠡ ᠺᠢᠯᠣᠮᠧᠲᠷ ᠪᠤᠯᠭᠠᠵᠤ᠂ ᠬᠤᠲᠠ ᠶᠢᠨ ᠭᠤᠤᠯᠳᠠᠯᠭ᠎ᠠ ᠲᠠᠢ ᠲᠦᠬᠦᠭᠡᠷᠤᠮᠵᠢ ᠪᠤᠯᠤᠨ ᠤᠯᠠᠨ ᠨᠡᠶᠢᠳᠡ ᠶᠢᠨ ᠦᠢᠯᠡᠴᠢᠯᠡᠭᠡ ᠶᠢᠨ ᠲᠦᠬᠦᠭᠡᠷᠤᠮᠵᠢ ᠶᠢᠨ ᠪᠦᠲᠦᠭᠡᠨ ᠪᠠᠶᠢᠭᠤᠯᠤᠯᠲᠠ ᠶᠢ ᠪᠠᠲᠤᠯᠠᠬᠤ ᠶᠢᠨ ᠬᠠᠮᠲᠦ ᠨᠡᠶᠢᠭᠡᠮ ᠤᠨ ᠪᠡᠯᠡ ᠮᠦᠩᠭᠦ ᠶᠢ ᠳᠠᠳᠠᠨ ᠤᠷᠤᠭᠤᠯᠵᠤ ᠰᠢᠨ᠎ᠠ ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠡᠳ᠋ ᠤᠨ ᠵᠠᠰᠠᠭ ᠤᠨ ᠳᠠᠷᠤᠭᠠᠰᠤ ᠶᠢ ᠬᠦᠩᠭᠡᠯᠡᠪᠡ᠃

 ● ᠲᠤᠭᠳᠠᠭᠠᠯ ᠠᠴᠠ ᠵᠦᠷᠢᠴᠡᠵᠤ ᠪᠠᠷᠢᠮᠵᠢᠶ᠎ᠠ ᠠᠴᠠ ᠬᠡᠳᠦᠷᠡᠭᠰᠡᠨ ᠠᠯᠪᠠᠨ ᠮᠠᠰᠢᠨ ᠲᠡᠷᠭᠡ ᠬᠤᠳᠠᠯᠳᠤᠨ ᠠᠪᠤᠭᠰᠠᠨ᠂ ᠲᠤᠭᠳᠠᠭᠠᠯ ᠠᠴᠠ ᠵᠦᠷᠢᠴᠡᠵᠤ ᠬᠡᠰᠡᠭ ᠪᠦᠯᠦᠭ ᠬᠤᠪᠢᠶᠠᠨ ᠬᠤᠷᠢᠮ ᠤᠨ ᠶᠤᠰᠤᠯᠠᠯ ᠡᠷᠬᠢᠯᠡᠭᠰᠡᠨ ᠵᠡᠷᠭᠡ ᠲᠦᠪ ᠤᠨ ᠨᠠᠢᠮᠠᠨ ᠲᠤᠭᠳᠠᠭᠠᠯ ᠢ ᠵᠦᠷᠢᠴᠡᠭᠰᠡᠨ ᠠᠰᠠᠭᠤᠳᠠᠯ ᠢ ᠢᠯᠡ ᠵᠠᠷᠯᠠᠵᠤ᠂ 2 ᠺᠠᠳ᠋ᠷ ᠲᠤ ᠨᠠᠮ ᠤᠨ ᠳᠤᠳᠤᠭᠠᠳᠦ ᠶᠢᠨ ᠴᠢᠩᠭ᠎ᠠ ᠳᠤᠩᠭᠤᠳᠬᠤ ᠰᠢᠳᠭᠡᠯ ᠦᠭᠴᠠᠢ᠃

 ᠬᠢᠩᠭᠠᠨ ᠠᠶᠢᠮᠠᠭ

 ● ᠤᠨᠢᠨ ᠳᠡᠭᠡᠷ᠎ᠠ ᠨᠢ ᠶᠠᠳᠠᠭᠤ ᠶᠢ ᠳᠡᠳᠭᠦᠬᠦ ᠠᠵᠢᠯ ᠢ ᠠᠳᠬᠤᠬᠤ ᠲᠠᠯ᠎ᠠ ᠪᠠᠷ ᠵᠦᠷᠢᠶ᠎ᠠ ᠲᠠᠢ ᠪᠠᠶᠢᠬᠤ ᠠᠰᠠᠭᠤᠳᠠᠯ ᠳᠤ ᠴᠢᠭᠯᠡᠭᠦᠯᠦᠨ᠂ 9 ᠰᠠᠷ᠎ᠠ ᠠᠴᠠ ᠨᠠᠰᠢ ᠪᠦᠬᠦ ᠠᠶᠢᠮᠠᠭ ᠤᠨ ᠬᠢᠨ ᠨᠡᠶᠢᠳᠡ 1 ᠳ᠋ᠦᠩᠰᠢᠭᠤᠷ ᠲᠦᠭᠦᠷᠢᠭ ᠶᠠᠳᠠᠭᠤ ᠶᠢ ᠳᠡᠳᠭᠦᠬᠦ ᠵᠢᠭᠡᠯᠡᠯᠭᠡ ᠪᠠᠭᠤᠯᠭᠠᠵᠤ᠂ ᠬᠠᠪᠰᠤᠷᠤᠨ ᠳᠡᠳᠭᠦᠬᠦ ᠪᠡᠯᠡ ᠮᠦᠩᠭᠦ ᠶᠢ 1446 ᠲᠦᠮᠡᠨ ᠲᠦᠭᠦᠷᠢᠭ ᠴᠢᠷᠮᠠᠶᠢᠨ ᠤᠯᠵᠤ᠂ 2.5 ᠲᠦᠮᠡᠨ ᠡᠷᠦᠬᠡ 5.7 ᠲᠦᠮᠡᠨ ᠬᠦᠮᠦᠨ ᠢ ᠠᠵᠤ ᠦᠢᠯᠡᠰ ᠢᠶᠠᠷ ᠬᠠᠪᠰᠤᠷᠤᠨ ᠳᠡᠳᠭᠦᠵᠤ᠂ 10517 ᠡᠷᠦᠬᠡ ᠪᠠᠲᠤᠯᠠᠭ᠎ᠠ ᠶᠢᠨ ᠴᠢᠨᠠᠷᠲᠠᠢ ᠤᠷᠤᠨ ᠰᠠᠭᠤᠴᠠ ᠶᠢ ᠡᠬᠢᠯᠡᠨ ᠪᠦᠲᠦᠭᠡᠨ ᠪᠠᠶᠢᠭᠤᠯᠵᠤ᠂ 4137 ᠶᠠᠳᠠᠭᠤ ᠬᠦᠴᠷᠳᠡᠯᠳᠠᠢ ᠡᠷᠦᠬᠡ ᠳᠤ 747 ᠲᠦᠮᠡᠨ ᠲᠦᠭᠦᠷᠢᠭ ᠠᠮᠢᠳᠤᠷᠠᠯ ᠤᠨ ᠲᠤᠰᠠᠯᠠᠮᠵᠢ ᠶᠢᠨ ᠮᠦᠩᠬᠦ ᠦᠭᠴᠠᠢ᠃

 ● ᠳᠡᠭᠡᠷ᠎ᠠ ᠡᠭᠡᠯᠵᠢ ᠶᠢᠨ ᠲᠤᠭᠤᠷᠢᠨ ᠪᠠᠶᠢᠴᠠᠭᠠᠯᠲᠠ ᠠᠴᠠ ᠰᠢᠯᠵᠢᠭᠦᠯᠦᠨ ᠲᠤᠰᠢᠶᠠᠭᠰᠠᠨ ᠴᠢᠬᠤᠯᠠ ᠠᠰᠠᠭᠤᠳᠠᠯ ᠤᠨ ᠰᠦᠪᠡᠭᠴᠢ ᠶᠢ ᠴᠠᠭ ᠲᠤᠬᠠᠢ ᠳᠤᠨᠢ ᠰᠢᠢᠳᠪᠦᠷᠢᠯᠡᠭᠰᠡᠨ ᠦᠭᠡᠢ ᠠᠰᠠᠭᠤᠳᠠᠯ ᠳᠤ ᠴᠢᠭᠯᠡᠭᠦᠯᠦᠨ᠂ ᠲᠤᠭᠤᠷᠢᠨ ᠪᠠᠶᠢᠴᠠᠭᠠᠯᠲᠠ ᠠᠴᠠ ᠲᠤᠰᠢᠶᠠᠭᠰᠠᠨ ᠠᠰᠠᠭᠤᠳᠠᠯ ᠤᠨ ᠰᠦᠪᠡᠭᠴᠢ ᠶᠢ ᠶᠡᠬᠡᠪᠡᠷ ᠪᠠᠶᠢᠴᠠᠭᠠᠨ ᠰᠢᠢᠳᠪᠦᠷᠢᠯᠡᠬᠦ ᠠᠵᠢᠯᠯᠠᠭ᠎ᠠ ᠦᠷᠨᠢᠭᠦᠯᠵᠤ᠂ 51 ᠠᠰᠠᠭᠤᠳᠠᠯ ᠢ ᠬᠡᠷᠡᠭ ᠪᠤᠯᠭᠠᠨ ᠬᠢᠨᠠᠨ ᠪᠠᠶᠢᠴᠠᠭᠠᠵᠤ᠂ 72 ᠬᠦᠮᠦᠨ ᠳᠤ ᠨᠠᠮ ᠵᠠᠰᠠᠭ ᠤᠨ ᠰᠠᠬᠢᠯᠭ᠎ᠠ ᠪᠠᠲᠦ ᠶᠢᠨ ᠰᠢᠳᠭᠡᠯ ᠦᠭᠴᠤ᠂ 2 ᠬᠦᠮᠦᠨ ᠢ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠭᠦᠯᠦᠨ ᠲᠤᠰᠢᠶᠠᠵᠠᠢ᠃

 ᠬᠢᠩᠭᠠᠨ ᠠᠶᠢᠮᠠᠭ ᠤᠨ ᠵᠠᠯᠠᠶᠢᠳ ᠬᠤᠰᠢᠭᠤ

 ● ᠪᠤᠬᠢᠷᠳᠤᠯ ᠦᠭᠡᠢ ᠬᠦᠭᠵᠢᠯᠲᠠ ᠶᠢᠨ ᠤᠢᠢᠯᠠᠭᠠᠭᠳᠠᠬᠤᠨ ᠢ ᠲᠤᠤᠱᠯᠠᠭᠤᠯᠵᠤ ᠪᠠᠶᠢᠬᠤ ᠨᠢ ᠭᠦᠢᠴᠡᠳ ᠦᠭᠡᠢ ᠠᠰᠠᠭᠤᠳᠠᠯ ᠳᠤ ᠴᠢᠭᠯᠡᠭᠦᠯᠦᠨ᠂ ᠨᠤᠲᠤᠭ ᠪᠡᠯᠴᠢᠭᠡᠷ ᠲᠤ ᠬᠤᠯᠪᠤᠭᠳᠠᠭᠰᠠᠨ 17 ᠶᠠᠯᠠᠳᠦ ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠵᠤ᠂ ᠡᠭᠦᠨ ᠤ ᠳᠤᠳᠤᠷ᠎ᠠ ᠵᠠᠰᠠᠭ ᠵᠠᠬᠢᠷᠭᠠᠨ ᠤ ᠰᠢᠳᠭᠡᠯ ᠦᠭᠭᠦᠭᠰᠡᠨ ᠨᠢ 7᠂ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠭᠦᠯᠦᠨ ᠲᠤᠰᠢᠶᠠᠭᠰᠠᠨ ᠨᠢ 10 ᠪᠠᠶᠢᠨ᠎ᠠ᠃

 ● ᠲᠤᠭᠳᠠᠭᠠᠯ ᠢ ᠵᠦᠷᠢᠴᠡᠨ ᠨᠦᠬᠦᠪᠦᠷᠢ ᠤᠯᠭᠤᠭᠰᠠᠨ᠂ ᠠᠯᠪᠠᠨ ᠵᠤᠭᠤᠰ ᠢᠶᠠᠷ ᠵᠤᠭᠠᠴᠠᠭᠰᠠᠨ᠂ ᠬᠤᠷᠢᠮ ᠨᠠᠶᠢᠷ ᠢ ᠶᠡᠬᠡᠪᠡᠷ ᠡᠷᠬᠢᠯᠡᠭᠰᠡᠨ ᠵᠡᠷᠭᠡ ᠠᠰᠠᠭᠤᠳᠠᠯ ᠢ ᠴᠠᠭ ᠲᠤᠬᠠᠢ ᠳᠤᠨᠢ ᠪᠠᠶᠢᠴᠠᠭᠠᠨ ᠰᠢᠳᠭᠡᠵᠤ᠂ 14 ᠬᠦᠮᠦᠨ ᠳᠤ ᠨᠠᠮ ᠵᠠᠰᠠᠭ ᠤᠨ ᠰᠠᠬᠢᠯᠭ᠎ᠠ ᠪᠠᠲᠦ ᠶᠢᠨ ᠰᠢᠳᠭᠡᠯ ᠦᠭᠴᠠᠢ᠃

 ᠲᠦᠩᠯᠢᠶᠤᠤ ᠬᠤᠲᠠ

 ● ᠵᠦᠭᠡᠷ ᠴᠠᠯᠢᠩ ᠠᠪᠴᠤ ᠪᠠᠶᠢᠬᠤ ᠠᠰᠠᠭᠤᠳᠠᠯ ᠳᠤ ᠴᠢᠭᠯᠡᠭᠦᠯᠦᠨ᠂ 56 ᠲᠦᠮᠡᠨ ᠲᠦᠭᠦᠷᠢᠭ ᠵᠤᠭᠤᠰ ᠢ ᠨᠡᠬᠡᠮᠵᠢᠯᠡᠨ ᠠᠪᠴᠢᠷᠠᠵᠤ᠂ 5 ᠵᠦᠭᠡᠷ ᠴᠠᠯᠢᠩ ᠠᠪᠴᠤ ᠪᠠᠶᠢᠭᠰᠠᠨ ᠬᠦᠮᠦᠰ ᠢ ᠠᠵᠢᠯ ᠠᠴᠠ ᠨᠢ ᠬᠦᠭᠡᠭᠡᠵᠤ᠂ 2 ᠬᠤᠪᠢᠳᠠᠨ ᠬᠠᠮᠢᠶᠠᠷᠴᠤ ᠪᠠᠶᠢᠬᠤ ᠤᠳᠤᠷᠢᠳᠤᠯᠭ᠎ᠠ ᠳᠤ ᠵᠠᠰᠠᠭ ᠵᠠᠬᠢᠷᠭᠠᠨ ᠤ ᠳᠤᠩᠭᠤᠳᠬᠤ ᠰᠢᠳᠭᠡᠯ ᠪᠤᠯᠤᠨ ᠨᠠᠮ ᠤᠨ ᠳᠤᠳᠤᠭᠠᠳᠦ ᠶᠢᠨ ᠳᠤᠩᠭᠤᠳᠬᠤ ᠰᠢᠳᠭᠡᠯ ᠦᠭᠴᠤ᠂ 2 ᠨᠢᠭᠡᠴᠡ ᠶᠢᠨ ᠭᠤᠤᠯ ᠬᠠᠷᠢᠭᠤᠴᠠᠯᠭᠠᠳᠠᠨ ᠲᠠᠢ ᠪᠤᠯᠵᠤᠨ ᠶᠠᠷᠢᠯᠴᠠᠪᠠ᠃

 ● ᠬᠤᠯᠪᠤᠭᠳᠠᠯ ᠪᠦᠬᠦᠢ ᠠᠵᠢᠯ ᠠᠴᠠ ᠪᠠᠨ ᠠᠮᠠᠷᠠᠬᠰᠠᠨ ᠤᠳᠤᠷᠢᠳᠬᠤ ᠺᠠᠳ᠋ᠷ ᠤᠨ ᠲᠦᠷ ᠴᠠᠭ ᠰᠠᠭᠤᠬᠤ ᠭᠡᠷ ᠪᠠᠶᠢᠰᠢᠩ ᠢ ᠪᠤᠴᠠᠭᠠᠵᠤ ᠠᠪᠬᠤ ᠠᠵᠢᠯ ᠮᠡᠳᠡᠭᠳᠡᠮ᠎ᠠ ᠦᠷ᠎ᠠ ᠪᠦᠲᠦᠮᠵᠢ ᠤᠯᠵᠠᠢ᠃

 ᠬᠤᠤᠯᠢᠨ ᠭᠤᠤᠯ ᠬᠤᠲᠠ

 ● ᠠᠭᠤᠷᠬᠠᠢ ᠶᠢᠨ ᠠᠮᠢ ᠠᠬᠤᠢ ᠶᠢ ᠪᠠᠶᠢᠭᠠᠯᠢᠯᠢᠭ ᠢᠶᠠᠷ ᠰᠡᠷᠭᠦᠭᠡᠨ ᠵᠠᠰᠠᠬᠤ ᠪᠤᠯᠤᠨ ᠬᠦᠮᠦᠨ ᠤ ᠬᠦᠴᠤ ᠪᠠᠷ ᠰᠡᠷᠭᠦᠭᠡᠨ ᠵᠠᠰᠠᠬᠤ ᠶᠢ ᠤᠶᠠᠯᠳᠤᠭᠤᠯᠬᠤ ᠲᠠᠯ᠎ᠠ ᠪᠠᠷ ᠨᠢᠭᠳᠠ ᠪᠢᠰᠢ ᠠᠰᠠᠭᠤᠳᠠᠯ ᠳᠤ ᠴᠢᠭᠯᠡᠭᠦᠯᠦᠨ᠂ PPP ᠵᠠᠭᠪᠤᠷ ᠢᠶᠠᠷ ᠠᠮᠢ ᠠᠬᠤᠢ ᠤᠷᠴᠢᠨ ᠲᠤᠭᠤᠷᠢᠨ ᠤ ᠺᠤᠮᠫᠠᠨᠢ ᠲᠠᠢ ᠬᠠᠮᠲᠤᠷᠠᠯᠴᠠᠵᠤ᠂ 5 ᠳ᠋ᠦᠩᠰᠢᠭᠤᠷ ᠲᠦᠭᠦᠷᠢᠭ ᠪᠡᠯᠡ ᠤᠷᠤᠭᠤᠯᠵᠤ ᠠᠮᠢ ᠠᠬᠤᠢ ᠶᠢ ᠵᠠᠰᠠᠨ ᠰᠡᠷᠭᠦᠭᠡᠵᠤ᠂ ᠡᠨᠡ ᠵᠢᠯ ᠨᠢᠭᠡᠨᠳᠡ 210 ᠲᠦᠮᠡᠨ ᠳᠡᠭᠰᠢ ᠳᠦᠷᠪᠡᠯᠵᠢᠨ ᠮᠧᠲᠷ ᠭᠠᠵᠠᠷ ᠢ ᠰᠡᠷᠭᠦᠭᠡᠨ ᠵᠠᠰᠠᠪᠠ᠃

 ● ᠨᠢᠭᠡᠨ ᠺᠤᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ ᠶᠢᠨ ᠲᠤᠷᠰᠢᠨ ᠠᠵᠢᠯᠯᠠᠬᠤ ᠬᠤᠭᠤᠴᠠᠭᠠᠨ ᠳᠠᠭᠠᠨ ᠨᠠᠮ ᠤᠨ ᠰᠠᠬᠢᠯᠭ᠎ᠠ ᠪᠠᠲᠦ ᠶᠢᠨ ᠰᠢᠳᠭᠡᠯ ᠤᠯᠤᠭᠰᠠᠨ ᠠᠰᠠᠭᠤᠳᠠᠯ ᠳᠤ ᠴᠢᠭᠯᠡᠭᠦᠯᠦᠨ᠂ ᠲᠡᠭᠦᠨ ᠢ ᠲᠤᠰᠢᠶᠠᠯ ᠠᠴᠠ ᠨᠢ ᠪᠠᠭᠤᠯᠭᠠᠵᠤ᠂ ᠬᠤᠲᠠ ᠶᠢᠨ ᠰᠠᠬᠢᠯᠭ᠎ᠠ ᠪᠠᠲᠦ ᠪᠠᠶᠢᠴᠠᠭᠠᠬᠤ ᠬᠤᠷᠢᠶ᠎ᠠ ᠶᠢᠨ ᠬᠢᠨ ᠲᠡᠭᠦᠨ ᠤ ᠪᠤᠰᠤᠳ ᠠᠰᠠᠭᠤᠳᠠᠯ ᠲᠠᠢ ᠤᠶᠠᠯᠳᠤᠭᠤᠯᠤᠨ ᠬᠢᠨᠠᠨ ᠬᠡᠷᠡᠭ ᠪᠤᠯᠭᠠᠵᠤ ᠬᠢᠨᠠᠨ ᠪᠠᠶᠢᠴᠠᠭᠠᠵᠤ ᠪᠠᠶᠢᠨ᠎ᠠ᠃

 ᠤᠯᠠᠭᠠᠨᠬᠠᠳᠠ ᠬᠤᠲᠠ

 ● ᠠᠶᠤᠯᠭᠦᠢ ᠦᠢᠯᠡᠳᠪᠦᠷᠢᠯᠡᠯ ᠤᠨ ᠠᠵᠢᠯ ᠤᠨ ᠪᠠᠶᠢᠷᠢᠯᠠᠭᠤᠯᠤᠯᠲᠠ ᠶᠢ ᠰᠠᠶᠢᠳᠤᠷ ᠨᠠᠶᠢᠳᠠᠪᠤᠷᠢᠵᠢᠭᠤᠯᠤᠬᠰᠠᠨ ᠦᠭᠡᠢ ᠠᠰᠠᠭᠤᠳᠠᠯ ᠳᠤ᠂ 114 ᠠᠶᠤᠯᠭᠦᠢ ᠦᠢᠯᠡᠳᠪᠦᠷᠢᠯᠡᠯ ᠤᠨ ᠲᠤᠰᠬᠠᠢ ᠲᠦᠷᠦᠯ ᠤᠨ ᠱᠠᠯᠠᠪᠳᠠᠭᠤᠯᠤᠨ ᠪᠠᠶᠢᠴᠠᠭᠠᠬᠤ ᠳᠤᠭᠤᠢᠢᠯᠠᠩ ᠢ ᠪᠠᠶᠢᠭᠤᠯᠵᠤ᠂ 13374 ᠦᠢᠯᠡᠳᠪᠦᠷᠢᠯᠡᠯ ᠡᠵᠡᠩᠨᠡᠯᠲᠡ ᠶᠢᠨ ᠪᠠᠶᠢᠭᠤᠯᠤᠯᠭ᠎ᠠ ᠳᠤ ᠪᠠᠶᠢᠴᠠᠭᠠᠯᠲᠠ ᠬᠢᠵᠦ᠂ ᠬᠠᠤᠯᠢ ᠠᠴᠠ ᠵᠦᠷᠢᠴᠡᠵᠦ ᠲᠤᠬᠲᠠᠭᠠᠯ ᠠᠴᠠ ᠵᠦᠷᠢᠴᠡᠭᠰᠡᠨ 27 ᠠᠵᠢᠯᠯᠠᠭ᠎ᠠ ᠳᠤ ᠴᠤᠬᠢᠯᠲᠠ ᠦᠭᠴᠦ᠂ 16 ᠠᠵᠤ ᠠᠬᠤᠢᠢᠯᠠᠯ ᠢ ᠬᠠᠭᠠᠨ ᠴᠡᠪᠡᠷᠯᠡᠵᠤ᠂ 92 ᠠᠵᠤ ᠠᠬᠤᠢᠢᠯᠠᠯ ᠤᠨ ᠦᠢᠯᠡᠳᠪᠦᠷᠢᠯᠡᠯ ᠢ ᠵᠤᠬᠰᠤᠭᠠᠨ ᠴᠡᠭᠴᠡᠯᠡᠪᠡ᠃

 ● ᠲᠤᠬᠲᠠᠭᠠᠯ ᠠᠴᠠ ᠵᠦᠷᠢᠴᠡᠨ ᠦᠷᠢ ᠲᠠᠯᠪᠢᠵᠦ᠂ ᠦᠷᠢ ᠦᠭᠴᠡᠭᠡ ᠪᠠᠨ ᠲᠦᠯᠦᠬᠦ ᠲᠠᠷᠤᠭᠠᠰᠤ ᠶᠡᠭᠡ ᠠᠰᠠᠭᠤᠳᠠᠯ ᠳᠤ᠂  ᠵᠤᠬᠰᠤᠭᠠᠬᠤ᠂ ᠬᠤᠶᠢᠰᠢᠯᠠᠭᠤᠯᠬᠤ᠂ ᠰᠢᠭᠤᠷᠠᠭᠤᠯᠬᠤ ᠵᠡᠷᠭᠡ ᠠᠷᠭ᠎ᠠ ᠬᠡᠮᠵᠢᠶ᠎ᠡ ᠠᠪᠴᠤ 43 PPP ᠲᠦᠷᠦᠯ ᠵᠦᠢᠯ ᠢ ᠴᠡᠭᠴᠡᠯᠡᠨ ᠰᠠᠶᠢᠵᠢᠷᠠᠭᠤᠯᠵᠤ᠂ 515.9 ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠬᠤ ᠬᠡᠮᠵᠢᠶ᠎ᠡ ᠶᠢ ᠵᠤᠬᠰᠤᠭᠠᠬᠤ ᠪᠤᠶᠤ ᠪᠠᠭᠠᠰᠬᠠᠪᠠ᠃

 ᠤᠯᠠᠭᠠᠨᠬᠠᠳᠠ ᠬᠤᠲᠠ ᠶᠢᠨ ᠬᠡᠰᠢᠭᠲᠡᠨ ᠬᠤᠰᠢᠭᠤ

 ● ᠦᠨᠳᠦᠰᠦᠨ ᠱᠠᠲᠤᠨ ᠤ ᠺᠠᠳ᠋ᠷᠴᠤᠳ ᠤᠯᠠᠨ ᠲᠦᠮᠡᠨ ᠤ ᠠᠰᠢᠬ ᠲᠤᠰᠠ ᠶᠢ ᠬᠦᠨᠦᠬᠡᠬᠦ ᠪᠠᠶᠢᠳᠠᠯ ᠤᠯᠠᠨᠲᠠ ᠢᠯᠡᠷᠡᠭᠰᠡᠨ ᠠᠰᠠᠭᠤᠳᠠᠯ ᠳᠤ᠂ 25 ᠬᠦᠮᠦᠨ ᠳᠤ ᠨᠠᠮ ᠵᠠᠰᠠᠬ ᠤᠨ ᠰᠠᠬᠢᠯᠭ᠎ᠠ ᠪᠠᠲᠤ ᠶᠢᠨ ᠰᠢᠳᠬᠡᠯ ᠤᠯᠭᠤᠵᠤ᠂ ᠦᠩᠭᠡᠷᠡᠬᠦ ᠭᠠᠯᠠᠭᠤ ᠶᠢᠨ ᠦᠳᠦ ᠶᠢ ᠰᠤᠭᠤᠯᠬᠤ ᠮᠠᠶ᠋ᠢᠬ ᠤᠨ ᠢᠯᠵᠢᠷᠠᠯ ᠤᠨ ᠠᠰᠠᠭᠤᠳᠠᠯ ᠤᠨ 8 ᠨᠡᠶᠢᠲᠡᠯᠢᠭ ᠬᠡᠷᠡᠭ ᠢ ᠨᠡᠶᠢᠲᠡᠯᠡᠵᠦ᠂ 15 ᠬᠦᠮᠦᠨ ᠢ ᠦᠨᠡᠨ ᠨᠡᠷ᠎ᠡ ᠪᠠᠷ ᠨᠢ ᠢᠯᠡᠴᠢᠯᠡᠪᠡ᠃

 ● ᠺᠠᠳ᠋ᠷ ᠢ ᠰᠢᠯᠭᠠᠷᠠᠭᠤᠯᠤᠨ ᠬᠡᠷᠡᠭᠯᠡᠬᠦ ᠳᠤ ᠳᠦᠷᠢᠮᠵᠢᠯ ᠪᠤᠰᠤ ᠠᠰᠠᠭᠤᠳᠠᠯ ᠤᠨ ᠲᠤᠬᠠᠢ᠂ ᠬᠤᠰᠢᠭᠤᠨ ᠤ ᠨᠠᠮ ᠤᠨ ᠬᠤᠷᠢᠶᠠᠨ ᠤ ᠭᠤᠤᠯ ᠪᠤᠯᠬᠤ ᠤᠳᠤᠷᠢᠳᠤᠯᠭ᠎ᠠ ᠵᠢᠴᠢ ᠤᠳᠤᠷᠢᠳᠬᠤ ᠪᠠᠬ ᠤᠨ ᠭᠡᠰᠢᠭᠦᠳ ᠲᠤᠰᠬᠠᠢ ᠰᠡᠳᠦᠪᠲᠤ ᠠᠷᠠᠳᠴᠢᠯᠠᠯ ᠠᠮᠢᠳᠤᠷᠠᠯ ᠤᠨ ᠬᠤᠷᠠᠯ ᠳᠡᠭᠡᠷ᠎ᠡ ᠭᠦᠨᠵᠡᠭᠡᠢ ᠪᠠᠶᠢᠴᠠᠭᠠᠯᠲᠠ ᠬᠢᠵᠦ᠂ ᠠᠰᠠᠭᠤᠳᠠᠯ ᠢᠯᠡᠷᠡᠭᠰᠡᠨ ᠰᠢᠯᠲᠠᠭᠠᠨ ᠢ ᠭᠦᠨᠵᠡᠭᠡᠢ ᠵᠠᠳᠠᠯᠤᠨ ᠰᠢᠨᠵᠢᠯᠡᠵᠦ᠂ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠶᠢ ᠲᠤᠳᠤᠷᠬᠠᠢ ᠲᠤᠬᠲᠠᠭᠠᠪᠠ᠃

 ᠰᠢᠯᠢ ᠶᠢᠨ ᠭᠤᠤᠯ ᠠᠶᠢᠮᠠᠬ

 ● ᠵᠠᠷᠢᠮ ᠨᠢᠭᠡ ᠬᠤᠰᠢᠭᠤᠨ ᠤ ᠤᠤᠯ ᠤᠨ ᠨᠠᠮ ᠤᠨ ᠬᠤᠷᠢᠶᠠᠨ ᠤ ᠤᠳᠤᠷᠢᠳᠤᠯᠭ᠎ᠠ ᠬᠡᠷᠡᠭ ᠵᠦᠪᠯᠡᠬᠦ ᠳᠦᠷᠢᠮ ᠢ ᠳᠠᠭᠠᠬᠤ ᠦᠭᠡᠢ᠂ ᠠᠯᠪᠠᠨ ᠤ ᠲᠡᠷᠭᠡ ᠶᠢ ᠬᠤᠪᠢᠨ ᠳᠠᠭᠠᠨ ᠵᠠᠷᠤᠵᠤ᠂ ᠭᠡᠷ ᠤᠨ ᠬᠦᠮᠦᠰ ᠲᠡᠭᠡᠨ ᠲᠤᠬᠲᠠᠭᠠᠯ ᠠᠴᠠ ᠵᠦᠷᠢᠴᠡᠨ ᠠᠵᠢᠯ ᠳᠤᠬᠢᠷᠠᠭᠤᠯᠵᠤ ᠦᠭᠭᠦᠭᠰᠡᠨ ᠵᠡᠷᠭᠡ ᠠᠰᠠᠭᠤᠳᠠᠯ ᠳᠤ᠂ ᠨᠠᠮ ᠤᠨ ᠲᠤᠳᠤᠭᠠᠳᠤᠬᠢ ᠲᠤᠰᠢᠶᠠᠯ ᠢ ᠨᠢ ᠬᠠᠰᠤᠬᠤ ᠪᠠ ᠵᠠᠰᠠᠬ ᠵᠠᠬᠢᠷᠭᠠᠨ ᠤ ᠲᠤᠰᠢᠶᠠᠯ ᠢ ᠨᠢ ᠬᠠᠰᠤᠬᠤ ᠰᠢᠳᠬᠡᠯ ᠦᠭᠪᠡ᠃

 ● ᠺᠠᠳ᠋ᠷ ᠤᠨ ᠠᠵᠢᠯ ᠤᠨ ᠪᠠᠶᠢᠷᠢ ᠶᠢ ᠡᠭᠡᠯᠵᠢᠯᠡᠭᠦᠯᠦᠨ ᠰᠤᠯᠢᠬᠤ᠂ ᠳᠤᠬᠢᠷᠠᠭᠤᠯᠬᠤ ᠰᠤᠩᠭᠤᠨ ᠳᠤᠬᠢᠷᠠᠭᠤᠯᠬᠤ ᠡᠷᠴᠢᠮ ᠢᠶᠠᠷ ᠴᠢᠩᠭ᠎ᠠ ᠪᠤᠰᠤ ᠠᠰᠠᠭᠤᠳᠠᠯ ᠳᠤ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠵᠠᠰᠠᠬ ᠤᠨ ᠤᠷᠳᠤᠨ᠂ ᠤᠯᠤᠰ ᠲᠦᠷᠦ ᠶᠢᠨ ᠵᠦᠪᠯᠡᠯᠭᠡᠨ ᠤ ᠬᠤᠭᠤᠴᠠᠭ᠎ᠠ ᠰᠤᠯᠢᠬᠤ ᠠᠵᠢᠯ  ᠲᠠᠢ ᠤᠶᠠᠯᠳᠤᠭᠤᠯᠤᠨ 144 ᠬᠦᠮᠦᠨ ᠤ ᠠᠵᠢᠯ ᠤᠨ ᠪᠠᠶᠢᠷᠢ ᠶᠢ ᠰᠤᠯᠢᠨ ᠳᠡᠪᠰᠢᠭᠦᠯᠪᠡ᠃

 ᠰᠢᠯᠢ ᠶᠢᠨ ᠭᠤᠤᠯ ᠠᠶᠢᠮᠠᠬ ᠤᠨ ᠰᠢᠯᠤᠭᠤᠨ ᠬᠦᠬᠡ ᠬᠤᠰᠢᠭᠤ

 ● ᠰᠠᠬᠢᠯᠭ᠎ᠠ ᠪᠠᠲᠤ ᠬᠡᠷᠡᠭᠵᠢᠭᠦᠯᠵᠦ ᠬᠢᠨᠠᠨ ᠪᠠᠶᠢᠴᠠᠭᠠᠬᠤ ᠡᠷᠴᠢᠮ ᠴᠢᠩᠭ᠎ᠠ ᠪᠤᠰᠤ ᠠᠰᠠᠭᠤᠳᠠᠯ ᠳᠤ᠂ ᠤᠯᠠᠨ ᠲᠦᠮᠡᠨ ᠤ ᠲᠤᠰᠬᠠᠬᠰᠠᠨ ᠠᠰᠠᠭᠤᠳᠠᠯ ᠤᠨ ᠰᠦᠪᠡᠭᠴᠢ ᠶᠢ ᠪᠠᠶᠢᠴᠠᠭᠠᠵᠦ ᠬᠢᠨᠠᠨ ᠬᠠᠷᠭᠤᠭᠤᠯᠬᠤ ᠡᠷᠴᠢᠮ ᠢ ᠴᠢᠩᠭᠠᠷᠠᠭᠤᠯᠵᠤ᠂ ᠡᠨᠡ ᠵᠢᠯ ᠨᠡᠶᠢᠲᠡ 15 ᠬᠡᠷᠡᠭ ᠢ ᠳᠠᠩᠰᠠᠯᠠᠵᠤ᠂ 15 ᠬᠦᠮᠦᠨ ᠳᠤ ᠨᠠᠮ ᠤᠨ ᠰᠠᠬᠢᠯᠭ᠎ᠠ ᠪᠠᠲᠤ ᠶᠢᠨ ᠰᠢᠳᠬᠡᠯ ᠤᠯᠭᠤᠵᠤ᠂ 6 ᠬᠦᠮᠦᠨ ᠳᠤ ᠵᠠᠰᠠᠬ ᠤᠨ ᠰᠠᠬᠢᠯᠭ᠎ᠠ ᠪᠠᠲᠤ ᠶᠢᠨ ᠰᠢᠳᠬᠡᠯ ᠦᠭᠪᠡ᠃

 ● ᠵᠠᠷᠢᠮ ᠨᠢᠭᠡ ᠳᠤᠮᠳᠠᠳᠤ ᠰᠤᠷᠭᠠᠭᠤᠯᠢ ᠶᠢᠨ ᠵᠠᠬᠢᠷᠤᠯ ᠳᠤᠬᠲᠠᠭᠠᠯ ᠠᠴᠠ ᠵᠦᠷᠢᠴᠡᠨ ᠪᠤᠯᠪᠡᠰᠦᠷᠡᠯ ᠤᠨ ᠶᠠᠪᠤᠳᠠᠯ ᠬᠢᠭᠰᠡᠨ ᠳᠤ ᠨᠠᠮ ᠤᠨ ᠲᠤᠳᠤᠭᠠᠳᠤ ᠳᠤ ᠴᠢᠩᠭ᠎ᠠ ᠳᠤᠩᠭᠤᠳᠬᠤ᠂ ᠵᠠᠰᠠᠬ ᠵᠠᠬᠢᠷᠭᠠᠨ ᠤ ᠤᠰᠤᠯ ᠲᠡᠮᠳᠡᠭᠯᠡᠬᠦ ᠰᠢᠳᠬᠡᠯ ᠦᠭᠴᠦ᠂ ᠲᠤᠬᠲᠠᠭᠠᠯ ᠠᠴᠠ ᠵᠦᠷᠢᠴᠡᠵᠦ ᠬᠦᠯᠢᠶᠡᠨ ᠠᠪᠤᠬᠰᠠᠨ ᠪᠡᠯᠡᠭ ᠤᠨ ᠵᠤᠭᠤᠰ ᠢ ᠨᠢ ᠵᠠᠷᠯᠢᠬᠳᠠᠨ ᠪᠤᠴᠠᠭᠠᠯᠭᠠᠪᠠ᠃

 ᠤᠯᠠᠭᠠᠨᠴᠠᠪ ᠬᠤᠲᠠ

 ● ᠤᠯᠤᠰ ᠲᠦᠷᠦ ᠶᠢᠨ ᠠᠮᠢ ᠠᠬᠤᠢ ᠲᠡᠶᠢᠮᠦ ᠡᠷᠡᠭᠦᠯ ᠡᠩᠬᠡ ᠪᠢᠰᠢ ᠠᠰᠠᠭᠤᠳᠠᠯ ᠳᠤ᠂ ᠳᠤᠬᠲᠠᠭᠠᠯ ᠶᠤᠰᠤ ᠪᠠᠷ᠂ ᠰᠠᠬᠢᠯᠭ᠎ᠠ ᠪᠠᠲᠤ ᠶᠤᠰᠤ ᠪᠠᠷ ᠸᠠᠩ ᠤᠪᠤᠬᠲᠤ᠂ ᠲᠤᠤ ᠤᠪᠤᠬᠲᠤ᠂ ᠰᠢᠶᠤᠤ ᠤᠪᠤᠬᠲᠤ᠂ ᠵᠤᠤ ᠤᠪᠤᠬᠲᠤ ᠵᠡᠷᠭᠡ ᠶᠢᠨ ᠬᠡᠷᠡᠭ ᠲᠤ ᠬᠤᠯᠪᠤᠬᠳᠠᠬᠰᠠᠨ ᠬᠦᠮᠦᠰ ᠢ ᠴᠢᠩᠭ᠎ᠠ ᠰᠢᠢᠳᠪᠦᠷᠢᠯᠡᠬᠦ ᠶᠢᠨ ᠬᠠᠮᠲᠤ ᠪᠦᠬᠦ ᠬᠤᠲᠠ ᠶᠢᠨ ᠤᠳᠤᠷᠢᠳᠬᠤ ᠺᠠᠳ᠋ᠷᠴᠤᠳ ᠢ ᠰᠡᠷᠡᠮᠵᠢᠯᠡᠭᠦᠯᠦᠨ ᠬᠦᠮᠦᠵᠢᠭᠦᠯᠬᠦ ᠶᠡᠭᠡ ᠬᠤᠷᠠᠯ ᠢ ᠡᠷᠬᠢᠯᠡᠪᠡ᠃

 ᠤᠯᠠᠭᠠᠨᠴᠠᠪ ᠬᠤᠲᠠ ᠶᠢᠨ ᠳᠦᠷᠪᠡᠳ ᠬᠤᠰᠢᠭᠤ

 ● ᠬᠡᠴᠢᠨᠡᠨ ᠵᠢᠯ ᠪᠤᠢ ᠪᠤᠯᠵᠤ ᠪᠦᠷᠢᠯᠳᠦᠭᠰᠡᠨ ᠮᠠᠯᠴᠢᠨ ᠲᠠᠷᠢᠶᠠᠴᠢᠳ ᠦᠷᠢᠲᠦᠵᠦ ᠦᠢᠯᠡᠳᠪᠦᠷᠢᠯᠡᠯ ᠠᠮᠢᠳᠤᠷᠠᠯ ᠢᠶᠠᠨ ᠠᠷᠭᠠᠴᠠᠬᠰᠠᠨ ᠠᠰᠠᠭᠤᠳᠠᠯ ᠳᠤ᠂ ᠵᠢᠭᠡᠯᠡᠯᠭᠡ ᠶᠢᠨ ᠬᠤᠭᠤᠴᠠᠭ᠎ᠠ ᠶᠢ ᠤᠷᠲᠤᠳᠬᠠᠵᠤ᠂ ᠬᠦᠦ ᠶᠢᠨ ᠨᠤᠷᠮ᠎ᠠ ᠶᠢ ᠪᠠᠭᠤᠷᠠᠭᠤᠯᠵᠤ᠂ ᠬᠦᠦ ᠮᠦᠩᠭᠦ ᠨᠦᠬᠦᠪᠦᠷᠢᠯᠡᠬᠦ ᠵᠡᠷᠭᠡ ᠠᠷᠭ᠎ᠠ ᠬᠡᠮᠵᠢᠶ᠎ᠡ ᠪᠠᠷ 4.3 ᠲᠦᠮᠡᠨ ᠮᠠᠯᠴᠢᠨ ᠲᠠᠷᠢᠶᠠᠴᠢᠨ ᠤ ᠵᠢᠭᠡᠯᠡᠯᠭᠡ ᠶᠢᠨ ᠡᠷᠦᠬᠡ ᠶᠢ ᠬᠠᠪᠰᠤᠷᠤᠨ ᠦᠷᠢ ᠲᠠᠯᠪᠢᠭᠰᠠᠨ ᠳᠠᠷᠤᠭᠠᠰᠤ ᠶᠢ ᠨᠢ ᠬᠦᠩᠭᠡᠯᠡᠵᠦ᠂ 3.1 ᠲᠦᠮᠡᠨ ᠮᠠᠯᠴᠢᠨ ᠲᠠᠷᠢᠶᠠᠴᠢᠨ ᠵᠢᠭᠡᠯᠡᠯᠭᠡ ᠶᠢᠨ ᠡᠷᠦᠬᠡ ᠶᠢ ᠬᠠᠪᠰᠤᠷᠤᠨ 15 ᠳ᠋ᠦᠩᠰᠢᠭᠤᠷ ᠲᠦᠭᠦᠷᠢᠭ ᠤᠨ ᠵᠢᠭᠡᠯᠡᠯᠭᠡ ᠶᠢᠨ ᠪᠡᠯᠡ ᠮᠦᠩᠭᠦ ᠶᠢ ᠨᠢ ᠰᠢᠢᠳᠪᠦᠷᠢᠯᠡᠪᠡ᠃

 ● ᠤᠨᠴᠠ ᠵᠠᠷᠢᠮ ᠲᠤᠰᠬᠤᠨ ᠤ ᠨᠠᠮ ᠤᠨ ᠡᠭᠦᠷ ᠤᠨ ᠱᠦᠵᠢ ᠲᠡᠰ ᠲᠠᠷᠠᠭᠠᠯᠠᠯ ᠠᠴᠠ ᠵᠦᠷᠢᠴᠡᠨ ᠶᠠᠳᠠᠭᠤ ᠬᠦᠴᠢᠷᠳᠡᠯᠲᠡᠢ ᠡᠷᠦᠬᠡ ᠶᠢ ᠤᠨᠢᠨ ᠳᠡᠭᠡᠷ᠎ᠡ ᠨᠢ ᠢᠯᠭᠠᠨ ᠲᠠᠨᠢᠬᠰᠠᠨ ᠦᠭᠡᠢ ᠠᠰᠠᠭᠤᠳᠠᠯ ᠳᠤ᠂ ᠨᠠᠮ ᠤᠨ ᠲᠤᠳᠤᠭᠠᠳᠤ ᠳᠤ ᠰᠡᠷᠡᠮᠵᠢᠯᠡᠭᠦᠯᠬᠦ ᠰᠢᠳᠬᠡᠯ ᠤᠯᠭᠤᠵᠤ᠂ ᠶᠠᠳᠠᠭᠤ ᠬᠦᠴᠢᠷᠲᠡᠯᠲᠡᠢ ᠬᠦᠮᠦᠨ ᠠᠮᠠ ᠶᠢ ᠳᠠᠬᠢᠨ ᠢᠯᠭᠠᠨ ᠲᠠᠨᠢᠬᠤ ᠠᠵᠢᠯ ᠢ ᠦᠷᠨᠢᠭᠦᠯᠵᠦ᠂ ᠤᠷᠤᠭᠤᠯᠪᠠᠯ ᠵᠤᠬᠢᠬᠤ ᠪᠤᠯᠪᠠᠴᠤ ᠤᠷᠤᠭᠤᠯᠤᠬᠰᠠᠨ ᠦᠭᠡᠢ ᠶᠠᠳᠠᠭᠤ ᠬᠦᠴᠢᠷᠲᠡᠯᠲᠡᠢ 246 ᠡᠷᠦᠬᠡ ᠶᠢᠨ 652 ᠮᠠᠯᠴᠢᠨ ᠲᠠᠷᠢᠶᠠᠴᠢᠨ ᠢ ᠪᠦᠬᠦᠨ ᠢ ᠨᠢ ᠶᠠᠳᠠᠭᠤ ᠶᠢ ᠳᠡᠳᠬᠦᠬᠦ ᠡᠲᠡᠭᠡᠳ ᠲᠤ ᠤᠷᠤᠭᠤᠯᠪᠠ᠃

 ᠤᠷᠳᠤᠰ ᠬᠤᠲᠠ

 ● ᠠᠭᠤᠷᠬᠠᠢ ᠶᠢᠨ ᠤᠷᠤᠨ ᠤ ᠨᠡᠭᠦᠷᠡᠰᠦᠨ ᠴᠢᠯᠠᠭᠤ ᠠᠶᠠᠨᠳᠠᠭᠠᠨ ᠰᠢᠲᠠᠵᠤ᠂ ᠲᠤᠭᠤᠰᠤᠨ ᠪᠤᠬᠢᠷᠳᠤᠯ ᠬᠦᠨᠳᠦ ᠨᠤᠴᠢᠲᠠᠢ ᠵᠡᠷᠭᠡ ᠠᠰᠠᠭᠤᠳᠠᠯ ᠳᠤ ᠨᠡᠭᠦᠷᠡᠰᠦᠨ ᠤ ᠠᠵᠤ ᠠᠬᠤᠢᠢᠯᠠᠯ ᠤᠨ 4650 ᠲᠦᠮᠡᠨ ᠲᠤᠨ ᠡᠯ᠎ᠡ ᠲᠦᠷᠦᠯ ᠤᠨ ᠬᠠᠲᠠᠭᠤ ᠪᠡᠶᠡᠲᠤ ᠬᠠᠶᠠᠬᠳᠠᠮᠠᠯ ᠪᠤᠳᠠᠰ ᠢ ᠴᠡᠪᠡᠷᠯᠡᠵᠦ᠂ ᠠᠭᠤᠷᠬᠠᠢ ᠶᠢᠨ ᠤᠷᠤᠨ ᠤ ᠲᠦᠷ ᠲᠠᠯᠠᠪᠤᠷ ᠵᠢᠴᠢ 31 ᠲᠤᠬᠲᠠᠭᠠᠯ ᠠᠴᠠ ᠵᠦᠷᠢᠴᠡᠭᠰᠡᠨ ᠤᠬᠢᠶᠠᠵᠤ ᠰᠢᠯᠢᠬᠦ ᠨᠡᠭᠦᠷᠡᠰᠦᠨ ᠦᠢᠯᠡᠳᠪᠦᠷᠢ ᠶᠢᠨ ᠨᠡᠭᠦᠷᠡᠰᠤ ᠬᠠᠳᠠᠭᠠᠯᠠᠬᠤ ᠴᠢᠭ᠋ ᠢ ᠬᠠᠭᠠᠪᠠ᠃

 ● ᠵᠠᠷᠢᠮ ᠨᠢᠭᠡ ᠬᠤᠰᠢᠭᠤᠨ ᠤ ᠤᠨᠴᠠ ᠵᠠᠷᠢᠮ ᠺᠠᠳ᠋ᠷ ᠲᠤᠬᠲᠠᠭᠠᠯ ᠠᠴᠠ ᠵᠦᠷᠢᠴᠡᠨ ᠬᠤᠷᠢᠮ ᠨᠠᠶᠢᠷ ᠬᠢᠭᠰᠡᠨ ᠳᠤ ᠰᠡᠷᠡᠮᠵᠢᠯᠡᠭᠦᠯᠬᠦ ᠰᠢᠳᠬᠡᠯ ᠦᠭᠴᠦ᠂ ᠬᠦᠯᠢᠶᠡᠨ ᠠᠪᠤᠬᠰᠠᠨ 2.22 ᠲᠦᠮᠡᠨ ᠲᠦᠭᠦᠷᠢᠭ ᠤᠨ ᠪᠡᠯᠡᠭ ᠤᠨ ᠵᠤᠭᠤᠰ ᠢ ᠨᠢ ᠵᠠᠷᠯᠢᠬᠳᠠᠨ ᠪᠤᠴᠠᠭᠠᠯᠭᠠᠪᠠ᠃

 ᠤᠷᠲᠤᠰ ᠬᠤᠲᠠ ᠶᠢᠨ ᠳ᠋ᠦᠩᠱᠧᠩ ᠲᠤᠭᠤᠷᠢᠭ

 ● ᠪᠠᠶᠢᠭᠠᠯᠢ ᠶᠢᠨ ᠡᠬᠢ ᠪᠠᠶᠠᠯᠢᠭ ᠢ ᠬᠠᠮᠠᠭᠠᠯᠠᠬᠤ ᠪᠠ ᠠᠮᠢ ᠠᠬᠤᠢ ᠶᠢᠨ ᠤᠷᠴᠢᠨ ᠲᠤᠭᠤᠷᠢᠨ ᠢ ᠰᠡᠷᠭᠦᠭᠡᠬᠦ ᠶᠢ ᠴᠢᠬᠤᠯᠠᠴᠢᠯᠠᠵᠦ ᠦᠵᠡᠭᠰᠡᠡ ᠢᠶᠠᠷ ᠬᠦᠷᠦᠯᠴᠡᠭᠰᠡᠡ ᠦᠭᠡᠢ ᠠᠰᠠᠭᠤᠲᠠᠯ ᠳᠤ᠂ 1.86 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠵᠦ ᠪᠦᠸᠧ ᠵᠢᠶᠠᠩ ᠬᠠᠢ ᠽᠢ ᠤᠯᠤᠰ ᠤᠨ ᠲᠡᠰ ᠤᠨ ᠢ ᠡᠸᠤ ᠨᠤᠭᠤ ᠭᠠᠵᠠᠷ ᠤᠨ ᠬᠠᠮᠠᠭᠠᠯᠠᠯᠲᠠ ᠶᠢᠨ ᠪᠦᠲᠦᠭᠡᠡ ᠪᠠᠶᠢᠭᠤᠯᠤᠯᠲᠠ ᠶᠢᠨ ᠢᠨᠵᠧᠨᠧᠷᠢᠩ᠂ 1.16 ᠳ᠋ᠦᠩᠰᠢᠭᠤᠷ ᠲᠦᠬᠦᠷᠢᠭ ᠤᠨ ᠤᠯᠠᠭᠠᠠᠮᠦ᠋ᠷᠠᠠ ᠤ ᠤᠷᠤᠰᠬᠠᠯ ᠤᠨ ᠤᠷᠤᠨ ᠤ ᠤᠷᠤᠰᠬᠠᠯ ᠲᠠᠰᠤᠷᠠᠭᠰᠠᠠ ᠭᠡᠰᠡᠭ ᠤᠨ ᠤᠰᠤᠨ ᠤ ᠴᠢᠨᠠᠷ ᠨᠢ ᠪᠠᠷᠢᠮᠵᠢᠶ ᠎ᠠ ᠳᠤ ᠦᠯᠦ ᠬᠦᠷᠦᠭᠰᠡᠡ ᠠᠰᠠᠭᠤᠲᠠᠯ ᠢ ᠴᠡᠭᠴᠡᠯᠡᠡ ᠰᠠᠶᠢᠵᠢᠷᠠᠭᠤᠯᠵᠠᠢ᠃

 ● ᠨᠢᠭᠡ ᠪᠦᠯᠦᠭ ᠪᠠᠶᠢᠭᠤᠯᠤᠯᠭ᠎ᠠ ᠶᠢᠨ ᠨᠠᠮ ᠤᠨ ᠪᠠᠶᠢᠭᠤᠯᠤᠯᠲᠠ ᠶᠢᠨ ᠳ᠋ᠧᠩ ᠤᠨ ᠲᠤᠤᠷ᠎ᠠ ᠪᠦᠲᠡᠬᠢ ᠪᠠᠶᠢᠬᠤ ᠠᠰᠠᠭᠤᠲᠠᠯ ᠤᠨ ᠲᠤᠬᠠᠢ᠂ ᠨᠢᠭᠡ ᠲᠤᠪᠴᠢᠶᠠᠠ ᠤ ᠨᠠᠮ ᠤᠨ ᠶᠡᠷᠦᠩᠭᠡᠢ ᠡᠭᠦᠷ ᠤᠨ ᠱᠦᠵᠢ ᠲᠠᠢ ᠪᠤᠯᠵᠤᠨ ᠶᠠᠷᠢᠯᠴᠠᠭᠰᠠᠠ ᠪᠦᠭᠡᠳ ᠨᠠᠮ ᠤᠨ ᠭᠡᠰᠢᠭᠦᠨ ᠤ ᠶᠡᠭᠡ ᠬᠤᠷᠠᠯ ᠲᠡᠭᠡᠷ ᠬᠦᠨᠵᠡᠭᠡᠢ ᠪᠠᠶᠢᠴᠠᠭᠠᠯᠲᠠ ᠬᠢᠯᠭᠡᠵᠠᠢ᠃

 ᠪᠠᠶᠠᠠᠨᠠᠭᠤᠷ ᠬᠤᠲᠠ

 ● ᠤᠯᠠᠭᠠᠠᠰᠤᠬᠠᠢ ᠶᠢᠨ ᠠᠮᠢ ᠠᠬᠤᠢ ᠶᠢᠨ ᠵᠠᠰᠠᠯᠲᠠ ᠲᠤᠮᠲᠠ ᠤᠷᠤᠰᠢᠵᠦ ᠪᠠᠶᠢᠭᠰᠠᠠ ᠠᠰᠠᠭᠤᠲᠠᠯ ᠤᠨ ᠲᠤᠬᠠᠢ ᠭᠤᠤᠯ ᠮᠦ᠋ᠷᠠᠠ ᠤ ᠲᠠᠷᠤᠭ᠎ᠠ ᠶᠢᠨ ᠲᠦᠷᠢᠮ᠎ ᠢ ᠪᠦᠬᠦ ᠲᠠᠯ᠎ᠠ ᠪᠠᠷ ᠬᠡᠷᠡᠭᠵᠢᠭᠦᠯᠵᠦ᠂ ᠡᠨᠡ ᠵᠢᠯ ᠠᠴᠠ ᠨᠠᠰᠢ 1.7 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠤᠰᠤ ᠤᠷᠤᠭᠤᠯᠵᠦ᠂ ᠤᠰᠤ ᠵᠠᠯᠠᠬᠤ 6 ᠨᠡᠭᠡᠭᠡᠯᠡᠭᠡᠢ ᠪᠠᠶᠢᠭᠤᠯᠵᠦ᠂ ᠪᠤᠵᠠᠷ ᠤᠰᠤ ᠶᠢ ᠰᠢᠢᠳᠪᠦᠷᠢᠯᠡᠬᠦ ᠲᠤᠨᠤᠭ ᠲᠦᠬᠦᠭᠡᠷᠦᠮᠵᠢ ᠶᠢᠨ ᠲᠤᠭᠲᠠᠭᠤᠨ ᠠᠵᠢᠯᠯᠠᠭᠠᠠ ᠤ ᠡᠲᠦᠷ ᠲᠤᠲᠤᠮ ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠠᠢ᠃

 ● ᠪᠤᠷᠤᠲᠤᠬᠤᠢ ᠶᠢᠨ ᠤᠰᠤᠯᠠᠯᠲᠠ ᠶᠢᠨ ᠲᠤᠭᠤᠷᠢᠭ ᠤᠨ ᠤᠰᠤ ᠠᠷᠪᠢᠯᠠᠬᠤ ᠦᠭᠡᠷᠡᠴᠢᠯᠡᠯᠲᠡ ᠶᠢᠨ ᠲᠦᠷᠦᠯ ᠵᠦᠢᠯ ᠤᠨ ᠲᠠᠭᠠᠭᠠᠴᠢᠯᠠᠯᠲᠠ ᠵᠠᠷᠯᠠᠵᠦ ᠲᠠᠭᠠᠭᠠᠴᠢᠯᠠᠯᠲᠠ ᠬᠦᠯᠢᠶᠡᠬᠦ ᠲᠤᠮᠲᠠ ᠤᠷᠤᠰᠢᠵᠦ ᠪᠠᠶᠢᠭᠰᠠᠠ ᠠᠰᠠᠭᠤᠲᠠᠯ ᠳᠤ᠂ ᠵᠠᠰᠠᠭ ᠤᠨ ᠰᠠᠬᠢᠯᠭ᠎ᠠ ᠪᠠᠲᠤ ᠪᠠᠷ 9 ᠬᠦᠮᠦᠨ ᠳᠤ ᠰᠢᠳᠭᠡᠯ ᠦᠭᠴᠤ᠂ 3 ᠬᠦᠮᠦᠨ ᠲᠠᠢ ᠪᠤᠯᠵᠤᠨ ᠶᠠᠷᠢᠯᠴᠠᠵᠦ᠂ ᠬᠤᠯᠪᠤᠭᠲᠠᠯ ᠪᠦᠬᠦᠢ 17 ᠵᠦᠢᠯ ᠤᠨ ᠲᠦᠷᠢᠮ ᠲᠤᠭᠲᠠᠭᠠᠯ ᠳᠤ ᠵᠠᠰᠠᠪᠤᠷᠢ ᠤᠷᠤᠭᠤᠯᠵᠦ ᠲᠡᠭᠦᠯᠲᠡᠷᠵᠢᠭᠦᠯᠵᠠᠢ᠃

 ᠪᠠᠶᠠᠠᠨᠠᠭᠤᠷ ᠬᠤᠲᠠ ᠶᠢᠨ ᠯᠢᠨ ᠡᡁᠧ ᠲᠤᠭᠤᠷᠢᠭ

 ● ᠢᠯᠵᠢᠷᠠᠯ ᠢ ᠡᠰᠡᠷᠭᠦᠴᠡᠬᠦ ᠵᠤᠬᠢᠴᠠᠭᠤᠯᠬᠤ ᠤᠳᠤᠷᠢᠳᠬᠤ ᠪᠠᠭ᠎ᠠ ᠲᠤᠭᠤᠢᠢᠯᠠᠩ ᠤᠨ ᠦᠢᠯᠡᠲᠦᠯ ᠢᠶᠠᠨ ᠪᠤᠲᠠᠲᠠᠢ ᠪᠠᠲᠠᠷᠠᠭᠤᠯᠤᠭᠰᠠᠠ ᠦᠭᠡᠢ ᠠᠰᠠᠭᠤᠲᠠᠯ ᠤᠨ ᠲᠤᠬᠠᠢ᠂ ᠠᠷᠪᠠᠠ ᠨᠠᠢᠮᠠᠲᠤᠭᠠᠷ ᠶᠡᠭᠡ ᠬᠤᠷᠠᠯ ᠠᠴᠠ ᠨᠠᠰᠢᠬᠢ ᠰᠠᠬᠢᠯᠭ᠎ᠠ ᠪᠠᠲᠤ ᠪᠠᠶᠢᠴᠠᠭᠠᠬᠤ ᠬᠢᠨᠠᠠ ᠪᠠᠶᠢᠴᠠᠭᠠᠬᠤ ᠪᠠᠶᠢᠭᠤᠯᠤᠯᠭ᠎ᠠ ᠳᠤ ᠦᠯᠦ ᠰᠢᠯᠵᠢᠭᠦᠯᠦᠨ ᠲᠡᠪᠰᠢᠭᠦᠯᠦᠭᠰᠡᠡ ᠬᠠᠤᠯᠢ ᠴᠠᠭᠠᠵᠠ ᠳᠤ ᠬᠤᠯᠪᠤᠭᠲᠠᠭᠰᠠᠠ ᠭᠡᠷᠡᠭ ᠢ ᠪᠦᠬᠦ ᠲᠠᠯ᠎ᠠ ᠪᠠᠷ ᠴᠡᠪᠡᠷᠯᠡᠵᠦ᠂ ᠠᠰᠠᠭᠤᠲᠠᠯ ᠤᠨ ᠰᠦᠪᠡᠭᠴᠢ ᠶᠢ 67 ᠰᠢᠯᠵᠢᠭᠦᠯᠦᠨ ᠬᠦᠷᠭᠡᠵᠤ᠂ ᠨᠠᠮ ᠵᠠᠰᠠᠭ ᠤᠨ ᠰᠠᠬᠢᠯᠭ᠎ᠠ ᠪᠠᠲᠤ ᠪᠠᠷ 18 ᠬᠦᠮᠦᠨ ᠳᠤ ᠰᠢᠳᠭᠡᠯ ᠦᠭᠴᠤ᠂ 10 ᠬᠦᠮᠦᠨ ᠢ ᠵᠤᠬᠢᠶᠠᠠ ᠪᠠᠶᠢᠭᠤᠯᠤᠯᠲᠠ ᠠᠴᠠ ᠰᠢᠢᠳᠪᠦᠷᠢᠯᠡᠵᠠᠢ᠃

 ● ᠺᠠᠳ᠋ᠷ ᠤᠨ ᠲᠠᠩᠰᠠ ᠡᠪᠬᠡᠮᠡᠯ ᠢ ᠴᠢᠩᠭ᠎ᠠ ᠬᠢᠨᠠᠠ ᠰᠢᠯᠭᠠᠵᠦ ᠨᠤᠲᠠᠯᠠᠠ ᠲᠤᠭᠲᠠᠭᠠᠬᠰᠠᠠ ᠦᠭᠡᠢ ᠠᠰᠠᠭᠤᠲᠠᠯ ᠤᠨ ᠲᠤᠬᠠᠢ᠂ ᠲᠠᠬᠢᠠ ᠨᠤᠲᠠᠯᠠᠠ ᠲᠤᠭᠲᠠᠭᠠᠯᠲᠠ ᠬᠢᠵᠦ᠂ ᠬᠤᠯᠪᠤᠭᠲᠠᠭᠰᠠᠠ 6 ᠺᠠᠳ᠋ᠷ ᠢ ᠤᠲᠤᠷᠢᠳᠬᠤ ᠲᠤᠰᠢᠶᠠᠯ ᠠᠴᠠ ᠨᠢ ᠤᠭᠴᠠᠷᠠᠭᠤᠯᠬᠤ᠂ ᠢᠳᠬᠠᠨ ᠶᠠᠷᠢᠯᠴᠠᠬᠤ ᠵᠡᠷᠭᠡ ᠵᠤᠬᠢᠶᠠᠠ ᠪᠠᠶᠢᠭᠤᠯᠤᠯᠲᠠ ᠶᠢᠨ

 ᠰᠢᠳᠭᠡᠯ ᠦᠭᠴᠤ᠂ ᠪᠤᠰᠤᠳ 44 ᠺᠠᠳ᠋ᠷ ᠢ ᠰᠢᠭᠦᠮᠵᠢᠯᠡᠡ ᠬᠦᠮᠦᠵᠢᠭᠦᠯᠵᠦ᠂ ᠪᠢᠴᠢᠭ ᠤᠨ ᠪᠠᠶᠢᠴᠠᠭᠠᠯᠲᠠ ᠬᠢᠯᠭᠡᠬᠦ ᠪᠠᠷ ᠵᠠᠷᠯᠢᠠᠠᠲᠠᠵᠠᠢ᠃

 ᠦᠬᠠᠢ ᠬᠤᠲᠠ

 ● ᠨᠡᠭᠦᠷᠡᠰᠦᠨ ᠴᠢᠯᠠᠭᠤ ᠶᠢᠨ ᠠᠶᠠᠠᠲᠠᠭᠠᠠ ᠰᠢᠲᠠᠵᠦ ᠤᠷᠴᠢᠨ ᠲᠤᠭᠤᠷᠢᠨ ᠢ ᠬᠦᠨᠲᠦ ᠨᠤᠴᠢᠲᠠᠢ ᠪᠤᠬᠢᠷᠲᠤᠭᠤᠯᠵᠦ ᠪᠠᠶᠢᠭ᠎ᠠ ᠬᠦᠨᠲᠦ ᠨᠤᠴᠢᠲᠠᠢ ᠠᠰᠠᠭᠤᠲᠠᠯ ᠤᠨ ᠲᠤᠬᠠᠢ᠂ 318 ᠨᠡᠭᠦᠷᠡᠰᠦ ᠶᠢᠨ ᠲᠠᠪᠬᠤᠷᠭ᠎ᠠ ᠶᠢᠨ ᠠᠶᠠᠠᠲᠠᠭᠠᠠ ᠰᠢᠲᠡᠬᠤ ᠴᠡᠭ ᠢ ᠵᠠᠰᠠᠵᠦ᠂ ᠪᠤᠰᠤᠳ 23 ᠭᠠᠵᠠᠷ ᠢ ᠶᠠᠭ ᠵᠠᠰᠠᠵᠦ ᠪᠤᠢ᠂ ᠰᠢᠨ᠎ᠠ ᠪᠠᠷ ᠪᠤᠢ ᠪᠤᠯᠬᠤ ᠠᠶᠠᠠᠲᠠᠭᠠᠠ ᠰᠢᠲᠠᠬᠤ ᠴᠡᠭ ᠢ ᠨᠢᠭᠡ ᠶᠢ ᠤᠯᠵᠦ ᠮᠡᠲᠡᠪᠡᠯ ᠨᠢᠭᠡ ᠶᠢ ᠵᠠᠰᠠᠵᠦ ᠪᠤᠢ᠃

 ● ᠬᠢᠨᠠᠯᠳᠠ ᠲᠠᠯᠪᠢᠬᠤ ᠬᠠᠷᠢᠭᠤᠴᠠᠯᠭ᠎ᠠ ᠪᠠᠨ ᠰᠠᠶᠢᠳᠤᠷ ᠭᠦᠢᠴᠡᠳᠭᠡᠭᠰᠡᠨ ᠦᠭᠡᠢ᠂ ᠵᠠᠷᠢᠮ ᠠᠰᠠᠭᠤᠲᠠᠯ ᠢ ᠭᠡᠷᠡᠭ ᠪᠤᠯᠭᠠᠠ ᠲᠠᠩᠰᠠᠯᠠᠭᠰᠠᠠ ᠪᠤᠯᠪᠠᠴᠤ ᠦᠷ ᠎ᠠ ᠳ᠋ᠦᠩ ᠦᠭᠡᠢ ᠵᠤᠭᠰᠤᠭᠰᠠᠠ ᠠᠰᠠᠭᠤᠲᠠᠯ ᠳᠤ᠂ ᠬᠤᠯᠪᠤᠭᠲᠠᠭᠰᠠᠠ 7 ᠬᠦᠮᠦᠨ ᠢ ᠨᠠᠮ ᠠᠴᠠ ᠬᠦᠭᠡᠭᠡᠵᠦ᠂ 2 ᠬᠦᠮᠦᠨ ᠢ ᠠᠯᠪᠠᠠ ᠲᠤᠰᠢᠶᠠᠯ ᠠᠴᠠ ᠨᠢ ᠪᠠᠭᠤᠯᠭᠠᠵᠦ᠂ 4 ᠬᠦᠮᠦᠨ ᠳᠤ ᠵᠠᠰᠠᠭ ᠵᠠᠬᠢᠷᠭᠠᠠ ᠤ ᠲᠤᠩᠭᠤᠳᠬᠤ ᠰᠢᠳᠭᠡᠯ ᠦᠭᠴᠤ᠂ 1 ᠬᠦᠮᠦᠨ ᠳᠤ ᠵᠠᠰᠠᠭ ᠵᠠᠬᠢᠷᠭᠠᠠ ᠤ ᠤᠰᠤᠯ ᠲᠡᠮᠲᠡᠭᠯᠡᠵᠦ ᠦᠭᠴᠠᠢ᠃

 ᠦᠬᠠᠢ ᠬᠤᠲᠠ ᠶᠢᠨ ᠬᠠᠶᠢᠷᠤᠪ ᠤᠨ ᠲᠤᠬᠤᠢ ᠲᠤᠭᠤᠷᠢᠭ

 ● ᠵᠠᠷᠢᠮ ᠨᠠᠮ ᠤᠨ ᠵᠤᠬᠢᠶᠠᠠ ᠪᠠᠶᠢᠭᠤᠯᠤᠯᠲᠠ ᠶᠢᠨ ᠭᠤᠤᠯ ᠬᠠᠷᠢᠭᠤᠴᠠᠯᠭᠠᠲᠠᠠ ᠵᠢᠴᠢ ᠤᠲᠤᠷᠢᠳᠬᠤ ᠪᠠᠭ ᠤᠨ ᠭᠡᠰᠢᠭᠦᠳ  ᠬᠤᠶᠠᠷ ᠬᠠᠷᠢᠭᠤᠴᠠᠯᠭ᠎ᠠ᠎ ᠶᠢᠨ ᠲᠤᠬᠠᠢ ᠲᠠᠨᠢᠯᠲᠠ ᠨᠢ ᠪᠠᠯᠠᠷᠬᠠᠢ᠂ ᠬᠠᠷᠢᠭᠤᠴᠠᠯᠭ᠎ᠠ ᠨᠢ ᠲᠤᠲᠤ ᠦᠭᠡᠢ ᠪᠠᠶᠢᠭ᠎ᠠ ᠠᠰᠠᠭᠤᠲᠠᠯ ᠤᠨ ᠲᠤᠬᠠᠢ᠂ 49 ᠬᠤᠪᠢ ᠴᠡᠭᠴᠡᠯᠡᠡ ᠰᠠᠶᠢᠵᠢᠷᠠᠭᠤᠯᠬᠤ ᠪᠢᠴᠢᠭ ᠪᠠᠭᠤᠯᠭᠠᠵᠦ᠂ ᠨᠠᠮ ᠤᠨ ᠵᠤᠬᠢᠶᠠᠠ ᠪᠠᠶᠢᠭᠤᠯᠤᠯᠲᠠ ᠶᠢᠨ 10 ᠭᠤᠤᠯ ᠬᠠᠷᠢᠭᠤᠴᠠᠯᠭᠠᠲᠠᠠ᠂ ᠰᠠᠬᠢᠯᠭ᠎ᠠ ᠪᠠᠲᠤ ᠪᠠᠶᠢᠴᠠᠭᠠᠬᠤ ᠲᠤᠭᠤᠢᠢᠯᠠᠩ ᠤᠨ 2 ᠲᠤᠭᠤᠢᠢᠯᠠᠩ ᠤᠨ ᠲᠠᠷᠤᠭ᠎ᠠ ᠲᠠᠢ ᠪᠤᠯᠵᠤᠨ ᠶᠠᠷᠢᠯᠴᠠᠵᠠᠢ᠃

 ᠠᠯᠠᠱᠠ ᠠᠶᠢᠮᠠᠭ

 ● ᠬᠢᠨᠠᠯᠲᠠ ᠲᠠᠯᠪᠢᠬᠤ ᠬᠠᠷᠢᠭᠤᠴᠠᠯᠭ᠎ᠠ ᠪᠠᠨ ᠨᠠᠶᠢᠲᠠᠪᠤᠷᠢᠵᠢᠭᠤᠯᠤᠭᠰᠠᠠ ᠡᠷᠴᠢᠮ ᠨᠢ ᠬᠦᠷᠦᠯᠴᠡᠭᠰᠡᠡ ᠦᠭᠡᠢ ᠠᠰᠠᠭᠤᠲᠠᠯ ᠤᠨ ᠲᠤᠬᠠᠢ᠂ ᠦᠩᠭᠡᠷᠡᠬᠦ ᠭᠠᠯᠠᠭᠤ ᠶᠢᠨ ᠦᠲᠦ ᠶᠢ ᠰᠤᠭᠤᠯᠬᠤ ᠬᠡᠯᠪᠡᠷᠢ ᠲᠠᠢ ᠢᠯᠵᠢᠷᠠᠯ ᠢ ᠡᠰᠡᠷᠭᠦᠴᠡᠬᠦ ᠠᠰᠠᠭᠤᠲᠠᠯ ᠤᠨ ᠡᠷᠬᠢᠵᠦ ᠬᠠᠷᠠᠬᠤ ᠠᠵᠢᠯᠯᠠᠭ᠎ᠠ ᠦᠷᠨᠢᠭᠦᠯᠵᠦ᠂ 10 ᠭᠡᠷᠡᠭ ᠢ ᠨᠢᠭᠡ ᠭᠡᠷᠡᠭ ᠢ ᠲᠠᠪᠬᠤᠷ ᠪᠠᠶᠢᠴᠠᠭᠠᠵᠤ᠂ 15 ᠬᠦᠮᠦᠨ ᠠᠴᠠ ᠬᠠᠷᠢᠭᠤᠴᠠᠯᠭ᠎ᠠ ᠨᠡᠭᠡᠮᠵᠢᠯᠡᠵᠠᠢ᠃

 ● ᠺᠠᠳ᠋ᠷ ᠤᠨ ᠬᠤᠪᠢ ᠶᠢᠨ ᠮᠡᠲᠡᠭᠦᠯᠦᠯᠲᠡ ᠶᠢᠨ ᠲᠦᠷᠢᠮ ᠢ ᠴᠢᠩᠭ᠎ᠠ ᠭᠡᠷᠡᠭᠵᠢᠭᠦᠯᠦᠭᠰᠡᠡ ᠦᠭᠡᠢ ᠠᠰᠠᠭᠤᠲᠠᠯ ᠳᠤ᠂ 20 ᠬᠦᠮᠦᠨ ᠢ ᠪᠢᠴᠢᠭ ᠢᠶᠠᠷ ᠰᠡᠷᠡᠮᠵᠢᠯᠡᠭᠦᠯᠵᠦ᠂ 51 ᠬᠦᠮᠦᠨ ᠢ ᠰᠢᠭᠦᠮᠵᠢᠯᠡᠠ ᠬᠦᠮᠦᠵᠢᠭᠦᠯᠵᠦ᠂ 30 ᠬᠦᠮᠦᠨ ᠢ ᠪᠢᠴᠢᠭ ᠤᠨ ᠪᠠᠶᠢᠴᠠᠭᠠᠯᠲᠠ ᠬᠢᠯᠭᠡᠬᠦ ᠪᠠᠷ ᠵᠠᠷᠯᠢᠠᠠᠲᠠᠵᠠᠢ᠃

 ᠠᠯᠠᠱᠠ ᠠᠶᠢᠮᠠᠭ ᠤᠨ ᠡᠵᠡᠨ᠎ᠠ ᠬᠤᠰᠢᠭᠤ

 ● ᠨᠡᠶᠢᠲᠡ ᠶᠢᠨ ᠲᠠᠷᠢᠶᠠᠠ ᠭᠠᠵᠠᠷ ᠢ ᠲᠤᠭᠲᠠᠭᠠᠯ ᠠᠴᠠ ᠵᠦᠷᠢᠴᠡᠡ ᠲᠦᠷᠢᠶᠡᠰᠦᠯᠠᠠ ᠡᠵᠡᠯᠡᠵᠦ ᠤᠯᠠᠠ ᠲᠦᠮᠡᠡ ᠤ ᠠᠰᠢᠭ ᠲᠤᠰᠠ ᠶᠢ ᠬᠤᠬᠢᠷᠠᠭᠤᠯᠤᠭᠰᠠᠠ ᠠᠰᠠᠭᠤᠲᠠᠯ ᠳᠤ᠂ 564 ᠮᠦ ᠲᠠᠷᠢᠶᠠᠠ ᠭᠠᠵᠠᠷ᠂ 131 ᠲᠦᠮᠡᠡ ᠮᠦ ᠪᠡᠯᠴᠢᠭᠡᠷ ᠢ ᠬᠢᠨᠠᠠ ᠪᠠᠶᠢᠴᠠᠭᠠᠵᠦ ᠪᠤᠴᠠᠭᠠᠯᠭᠠᠵᠠᠢ᠃

 ● ᠠᠭᠤᠷᠬᠠᠢ ᠶᠢᠨ ᠲᠤᠭᠤᠷᠢᠭ ᠤᠨ ᠤᠷᠴᠢᠨ ᠲᠤᠭᠤᠷᠢᠨ ᠤ ᠵᠠᠰᠠᠯᠲᠠ ᠳᠤ ᠤᠷᠤᠰᠢᠵᠦ ᠪᠠᠶᠢᠭ᠎ᠠ ᠠᠰᠠᠭᠤᠲᠠᠯ ᠳᠤ᠂ 42 ᠠᠭᠤᠷᠬᠠᠢ ᠶᠢᠨ ᠠᠵᠦ ᠠᠬᠤᠢᠢᠯᠠᠯ ᠪᠤᠯᠤᠨ 54 ᠡᠯᠡᠰᠦ ᠴᠢᠯᠠᠭᠤ ᠶᠢᠨ ᠮᠠᠲ᠋ᠧᠷᠢᠶᠠᠯ ᠤᠨ ᠦᠢᠯᠡᠳᠪᠦᠷᠢ ᠶᠢ ᠲᠦᠪᠯᠡᠷᠡᠭᠦᠯᠦᠨ ᠴᠡᠭᠴᠡᠯᠡᠡ ᠵᠠᠰᠠᠵᠦ᠂ 77 ᠲᠦᠮᠡᠡ ᠪᠤᠰᠤᠭ᠎ᠠ ᠲᠦᠷᠪᠡᠯᠵᠢᠨ ᠮᠧᠲᠷ ᠬᠠᠲᠠᠭᠤ ᠪᠡᠶᠡᠲᠦ ᠬᠠᠶᠠᠭᠲᠠᠮᠠᠯ ᠪᠤᠲᠠᠰ ᠢ ᠴᠡᠪᠡᠷᠯᠡᠵᠠᠢ᠃

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com