ᠰᠢ ᠶᠢᠨ ᠫᠢᠩ ᠫᠠᠺᠢᠰᠲ᠋ᠠᠨ᠎ ᠤ ᠶᠡᠷᠦᠩᠬᠡᠢ ᠰᠠᠶᠢᠳ ᠢᠮᠦ᠋ᠯᠠᠨ · ᠬᠠᠨ ᠲᠠᠢ ᠠᠭᠤᠯᠵᠠᠪᠠ

  ᠰᠢᠨᠬᠤᠸᠠ ᠬᠤᠷᠢᠶᠠᠨ᠎ ᠤ ᠪᠡᠭᠡᠵᠢᠩ ᠤᠨ 11 ᠰᠠᠷ᠎ᠠ ᠶᠢᠨ 2 ᠤᠨ ᠴᠠᠬᠢᠯᠭᠠᠨ ᠮᠡᠳᠡᠭᠡ ᠤᠯᠤᠰ ᠤᠨ ᠲᠡᠷᠢᠭᠦᠯᠡᠭᠴᠢ ᠰᠢ ᠶᠢᠨ ᠫᠢᠩ 2 ᠤᠨ ᠡᠳᠦᠷ ᠠᠷᠠᠳ ᠤᠨ ᠶᠡᠭᠡ ᠬᠤᠷᠠᠯ ᠤᠨ ᠲᠠᠩᠬᠢᠮ ᠳᠤ ᠫᠠᠺᠢᠰᠲ᠋ᠠᠨ᠎ ᠤ ᠶᠡᠷᠦᠩᠬᠡᠢ ᠰᠠᠶᠢᠳ ᠢᠮᠦ᠋ᠯᠠᠨ · ᠬᠠᠨ ᠲᠠᠢ ᠠᠭᠤᠯᠵᠠᠪᠠ᠃

  ᠰᠢ ᠶᠢᠨ ᠫᠢᠩ ᠠᠴᠠ ᠢᠮᠦ᠋ᠯᠠᠨ · ᠬᠠᠨ ᠳᠤᠮᠳᠠᠳᠤ ᠤᠯᠤᠰ ᠲᠤ ᠠᠯᠪᠠᠨ ᠶᠤᠰᠤᠨ᠎ ᠤ ᠠᠶᠢᠯᠴᠢᠯᠠᠯᠳᠠ ᠬᠢᠬᠦ ᠶᠢᠨ ᠬᠠᠮᠲᠤ ᠠᠩᠬᠠᠳᠤᠭᠠᠷ ᠬᠤᠭᠤᠴᠠᠭᠠᠨ᠎ ᠤ ᠳᠤᠮᠳᠠᠳᠤ ᠤᠯᠤᠰ ᠤᠨ ᠤᠯᠠᠨ ᠤᠯᠤᠰ ᠤᠨ ᠭᠠᠳᠠᠭᠠᠳᠤ ᠤᠷᠤᠭᠤᠯᠤᠯᠲᠠ ᠶᠢᠨ ᠦᠵᠡᠰᠬᠦᠯᠡᠩ ᠤᠨ ᠴᠤᠬᠯᠠᠭᠠᠨ ᠳᠤ ᠤᠷᠤᠯᠴᠠᠬᠤ ᠪᠠᠷ ᠢᠷᠡᠭᠰᠡᠨ ᠢ ᠪᠠᠶᠠᠷᠯᠠᠨ ᠤᠬᠲᠤᠵᠤ ᠪᠠᠶᠢᠬᠤ ᠪᠠᠨ ᠢᠯᠡᠳᠭᠡᠪᠡ᠃ ᠰᠢ ᠶᠢᠨ ᠫᠢᠩ᠂ ᠳᠤᠮᠳᠠᠳᠤ ᠫᠠᠺᠢᠰᠲ᠋ᠠᠨ᠎ ᠤ ᠦᠨᠢᠳᠡ ᠶᠢᠨ ᠪᠠᠶᠢᠯᠳᠤᠬᠤ ᠪᠤᠳᠤᠯᠭ᠎ᠠ ᠶᠢᠨ ᠬᠠᠮᠲᠤᠷᠠᠯᠴᠠᠭᠠᠨ᠎ ᠤ ᠬᠠᠨᠢᠲᠠᠨ᠎ ᠤ ᠬᠠᠷᠢᠯᠴᠠᠭ᠎ᠠ ᠪᠤᠯ ᠬᠤᠶᠠᠷ ᠤᠯᠤᠰ ᠤᠨ ᠤᠷᠲᠤ ᠬᠤᠭᠤᠴᠠᠭ᠎ᠠ ᠪᠠᠷ ᠬᠠᠷᠢᠯᠴᠠᠨ ᠳᠡᠮᠵᠢᠵᠦ᠂ ᠨᠢᠬᠲᠠ ᠬᠠᠮᠲᠤᠷᠠᠯᠴᠠᠬᠤ ᠳᠤᠮᠳᠠ ᠪᠦᠷᠢᠯᠳᠦᠬᠦ ᠶᠢᠨ ᠬᠠᠮᠲᠤ ᠬᠦᠭᠵᠢᠵᠦ ᠢᠷᠡᠭᠰᠡᠨ ᠤᠨᠴᠠᠭᠠᠢ ᠨᠦᠬᠦᠷᠰᠡᠭ ᠬᠠᠷᠢᠯᠴᠠᠭ᠎ᠠ ᠪᠠᠶᠢᠵᠤ᠂ ᠬᠤᠶᠠᠷ ᠤᠯᠤᠰ ᠤᠨ ᠠᠷᠠᠳ ᠲᠦᠮᠡᠨ᠎ ᠤ ᠴᠢᠩ ᠰᠡᠳᠬᠢᠯ ᠤᠨ ᠬᠦᠷᠢᠶᠡᠯᠡᠯ ᠪᠠ ᠳᠡᠮᠵᠢᠯᠭᠡ ᠶᠢ ᠤᠯᠪᠠ᠃ ᠤᠯᠠᠨ ᠤᠯᠤᠰ ᠤᠨ ᠪᠠᠶᠢᠳᠠᠯ ᠪᠠ ᠬᠤᠶᠠᠷ ᠤᠯᠤᠰ ᠤᠨ ᠤᠯᠤᠰ ᠤᠨ ᠲᠤᠳᠤᠭᠠᠳᠤ ᠳᠤ ᠶᠠᠮᠠᠷ ᠬᠤᠪᠢᠷᠠᠯᠲᠠ ᠭᠠᠷᠤᠬᠰᠠᠨ ᠴᠤ ᠳᠤᠮᠳᠠᠳᠤ ᠫᠠᠺᠢᠰᠲ᠋ᠠᠨ᠎ ᠤ ᠬᠠᠷᠢᠯᠴᠠᠭ᠎ᠠ ᠢᠮᠠᠬᠲᠠ ᠴᠤᠬ ᠪᠠᠳᠠᠷᠠᠩᠭᠤᠢ ᠠᠮᠢᠵᠢᠷᠠᠯ ᠤᠨ ᠬᠦᠴᠦᠨ ᠢᠶᠠᠨ ᠪᠠᠲᠤᠯᠠᠵᠤ᠂ ᠲᠠᠰᠤᠷᠠᠯᠲᠠ ᠦᠭᠡᠢ ᠬᠦᠭᠵᠢᠨ ᠪᠤᠵᠠᠭᠠᠢᠢᠷᠠᠪᠠ᠃ ᠳᠤᠮᠳᠠᠳᠤ ᠫᠠᠺᠢᠰᠲ᠋ᠠᠨ᠎ ᠤ ᠬᠠᠮᠲᠤᠷᠠᠯᠴᠠᠭ᠎ᠠ ᠬᠤᠶᠠᠷ ᠤᠯᠤᠰ ᠤᠨ ᠠᠷᠠᠳ ᠲᠦᠮᠡᠨ ᠳᠤ ᠪᠤᠶᠠᠨ ᠦᠢᠯᠡᠳᠦᠭᠰᠡᠨ ᠢᠶᠠᠷ ᠦᠯᠦ ᠪᠠᠷᠠᠮ᠂ ᠭᠠᠵᠠᠷ ᠤᠷᠤᠨ ᠪᠠ ᠳᠡᠯᠡᠬᠡᠢ ᠶᠢᠨ ᠡᠩᠬᠡ ᠲᠠᠶᠢᠪᠤᠩ᠂ ᠲᠤᠬᠲᠠᠭᠤᠨ᠂ ᠬᠦᠭᠵᠢᠯᠲᠡ ᠶᠢ ᠴᠤ ᠠᠬᠢᠭᠤᠯᠵᠠᠢ ᠭᠡᠵᠦ ᠵᠢᠭᠠᠵᠤ ᠭᠠᠷᠭᠠᠪᠠ᠃

  ᠰᠢ ᠶᠢᠨ ᠫᠢᠩ᠂ ᠢᠮᠦ᠋ᠯᠠᠨ · ᠬᠠᠨ ᠳᠤᠮᠳᠠᠳᠤ ᠤᠯᠤᠰ ᠯᠤᠭ᠎ᠠ ᠶᠢᠨ ᠬᠠᠷᠢᠯᠴᠠᠭ᠎ᠠ ᠶᠢ ᠫᠠᠺᠢᠰᠲ᠋ᠠᠨ᠎ ᠤ ᠭᠠᠳᠠᠭᠠᠳᠤ ᠬᠠᠷᠢᠯᠴᠠᠭᠠᠨ᠎ ᠤ ᠤᠯᠤᠰ ᠲᠦᠷᠦ ᠶᠢᠨ ᠰᠠᠭᠤᠷᠢ ᠪᠤᠯᠭᠠᠬᠤ ᠪᠠᠷ ᠦᠷᠬᠦᠯᠵᠢᠯᠡᠨ ᠴᠢᠬᠤᠯᠠᠴᠢᠯᠠᠵᠤ᠂ ᠳᠤᠮᠳᠠᠳᠤ ᠫᠠᠺᠢᠰᠲ᠋ᠠᠨ᠎ ᠤ ᠠᠵᠤ ᠠᠬᠤᠢ ᠶᠢᠨ ᠬᠤᠩᠬᠢᠯ ᠤᠨ ᠪᠦᠲᠦᠭᠡᠨ ᠪᠠᠶᠢᠭᠤᠯᠤᠯᠲᠠ ᠶᠢ ᠡᠷᠡᠰ ᠰᠢᠭᠤᠷᠬᠠᠢ ᠪᠠᠷ ᠠᠬᠢᠭᠤᠯᠤᠬᠰᠠᠨ ᠢ ᠮᠠᠬᠲᠠᠨ ᠰᠠᠶᠢᠰᠢᠶᠠᠪᠠ᠃ ᠰᠢ ᠶᠢᠨ ᠫᠢᠩ᠂ ᠳᠤᠮᠳᠠᠳᠤ ᠶᠢᠨ ᠲᠠᠯ᠎ᠠ ᠶᠢᠨ ᠬᠢᠨ ᠫᠠᠺᠢᠰᠲ᠋ᠠᠨ ᠢ ᠢᠮᠠᠭᠲᠠ ᠳᠤᠮᠳᠠᠳᠤ ᠤᠯᠤᠰ ᠤᠨ ᠭᠠᠳᠠᠭᠠᠳᠤ ᠬᠠᠷᠢᠯᠴᠠᠭᠠᠨ᠎ ᠤ ᠲᠡᠷᠢᠭᠦᠨ ᠴᠢᠭᠯᠡᠯ ᠳᠤ ᠲᠠᠯᠪᠢᠵᠤ᠂ ᠫᠠᠺᠢᠰᠲ᠋ᠠᠨ᠎ ᠤ ᠤᠯᠤᠰ ᠤᠨ ᠢᠶᠠᠨ ᠲᠤᠰᠠᠭᠠᠷ ᠲᠤᠬᠲᠠᠨᠢᠯ᠂ ᠡᠷᠬᠡ ᠮᠡᠳᠡᠯ᠂ ᠨᠤᠲᠤᠬ ᠳᠡᠪᠢᠰᠬᠡᠷ ᠤᠨ ᠢᠶᠠᠨ ᠪᠦᠷᠢᠨ ᠪᠦᠲᠦᠨ ᠢ ᠬᠠᠮᠠᠭᠠᠯᠠᠬᠤ ᠶᠢ ᠳᠡᠮᠵᠢᠵᠦ᠂ ᠫᠠᠺᠢᠰᠲ᠋ᠠᠨ᠎ ᠤ ᠰᠢᠨ᠎ᠡ ᠵᠠᠰᠠᠬ ᠤᠨ ᠤᠷᠳᠤᠨ ᠤᠷᠤᠬᠰᠢᠲᠠᠢ ᠪᠠᠷ ᠵᠠᠰᠠᠬ ᠶᠠᠪᠤᠭᠤᠯᠬᠤ ᠶᠢᠨ ᠬᠠᠮᠲᠤ ᠤᠯᠤᠰ ᠤᠨ ᠪᠦᠲᠦᠭᠡᠨ ᠪᠠᠶᠢᠭᠤᠯᠤᠯᠲᠠ ᠶᠢᠨ ᠦᠢᠯᠡᠰ ᠢᠶᠠᠨ ᠠᠬᠢᠭᠤᠯᠬᠤ ᠶᠢ ᠳᠡᠮᠵᠢᠨ᠎ᠡ᠂ ᠳᠤᠷᠠᠲᠠᠶ᠎ᠠ ᠫᠠᠺᠢᠰᠲ᠋ᠠᠨ ᠤ ᠬᠢᠨ ᠲᠠᠢ ᠬᠠᠮᠲᠤ ᠪᠠᠷ ᠴᠢᠷᠮᠠᠶᠢᠵᠤ᠂ ᠳᠤᠮᠳᠠᠳᠤ ᠫᠠᠺᠢᠰᠲ᠋ᠠᠨ᠎ ᠤ ᠦᠨᠢᠲᠡ ᠶᠢᠨ ᠪᠠᠶᠢᠯᠳᠤᠬᠤ ᠪᠤᠳᠤᠯᠭ᠎ᠠ ᠶᠢᠨ ᠬᠠᠮᠲᠤᠷᠠᠯᠴᠠᠭᠠᠨ᠎ ᠤ ᠬᠠᠨᠢᠲᠠᠨ᠎ ᠤ ᠬᠠᠷᠢᠯᠴᠠᠭ᠎ᠠ ᠶᠢ ᠴᠢᠩᠭᠠᠳᠬᠠᠵᠤ᠂ ᠨᠡᠩ ᠨᠢᠬᠲᠠ ᠳᠤᠮᠳᠠᠳᠤ ᠫᠠᠺᠢᠰᠲ᠋ᠠᠨ᠎ ᠤ ᠬᠤᠪᠢ ᠵᠠᠶᠠᠭᠠᠨ᠎ ᠤ ᠬᠠᠮᠲᠤ ᠶᠢᠨ ᠴᠤᠬᠴᠠ ᠶᠢ ᠪᠠᠶᠢᠭᠤᠯᠤᠨ᠎ᠠ᠃ ᠬᠤᠶᠠᠷ ᠲᠠᠯ᠎ᠠ ᠪᠠᠷ ᠢᠶᠠᠨ ᠪᠠᠶᠢᠯᠳᠤᠬᠤ ᠪᠤᠳᠤᠯᠭ᠎ᠠ ᠶᠢᠨ ᠨᠡᠩ ᠬᠦᠨᠵᠡᠬᠡᠢ ᠤᠯᠤᠯᠴᠠᠭ᠎ᠠ ᠪᠠᠨ ᠠᠬᠢᠭᠤᠯᠵᠤ᠂ ᠬᠤᠶᠠᠷ ᠤᠯᠤᠰ ᠤᠨ ᠤᠳᠤᠷᠢᠳᠬᠤ ᠬᠦᠮᠤᠨ᠎ ᠤ ᠤᠯᠠᠨᠳᠠ ᠬᠠᠷᠢᠯᠴᠠᠨ ᠠᠶᠢᠯᠴᠢᠯᠠᠯᠳᠠ ᠬᠢᠬᠦ ᠪᠠ ᠠᠭᠤᠯᠵᠠᠯᠳᠠ ᠬᠢᠬᠦ ᠶᠢ ᠪᠠᠳᠤᠯᠠᠵᠤ᠂ ᠲᠦᠷᠤ ᠶᠢ ᠵᠠᠰᠠᠵᠤ ᠵᠠᠰᠠᠬ ᠢ ᠡᠷᠬᠢᠯᠡᠬᠦ ᠲᠤᠷᠰᠢᠯᠭ᠎ᠠ ᠰᠤᠯᠢᠯᠴᠠᠭ᠎ᠠ ᠪᠠᠨ ᠴᠢᠩᠭᠠᠳᠬᠠᠶ᠎ᠠ᠃ ᠨᠠᠩ ᠨᠢᠬᠳᠠ ᠪᠤᠳᠠᠳᠠᠢ ᠶᠢ ᠡᠷᠬᠢᠮᠯᠡᠭᠰᠡᠡ ᠬᠠᠮᠳᠤᠷᠠᠯᠴᠠᠭ᠎ᠠ ᠶᠢ ᠦᠷᠨᠢᠬᠦᠯᠵᠤ᠂ ᠠᠵᠤ ᠠᠬᠤᠢ ᠠᠷᠠᠯᠵᠢᠶᠠᠨ᠎ ᠤ ᠰᠤᠯᠢᠯᠴᠠᠭ᠎ᠠ ᠪᠤᠯᠤᠨ ᠪᠡᠯᠡ ᠤᠷᠤᠭᠤᠯᠤᠯᠳᠠ ᠶᠢ ᠠᠬᠢᠭᠤᠯᠵᠤ᠂ ᠳᠤᠮᠳᠠᠳᠤ ᠫᠠᠺᠢᠰᠲ᠋ᠠᠨ᠎ ᠤ ᠠᠵᠤ ᠠᠬᠤᠢ ᠶᠢᠨ ᠬᠤᠩᠬᠢᠯ ᠤᠨ ᠲᠦᠷᠤᠯ ᠵᠦᠢᠯ ᠤᠨ ᠠᠩᠬᠠᠨ᠎ ᠤ ᠬᠤᠭᠤᠴᠠᠭᠠᠨ᠎ ᠤ ᠤᠯᠤᠭᠰᠠᠠ ᠠᠮᠵᠢᠯᠲᠠ ᠪᠦᠲᠦᠮᠵᠢ ᠶᠢ ᠪᠠᠳᠤᠳᠬᠠᠵᠤ᠂ ᠬᠤᠩᠬᠢᠯ ᠤᠨ ᠪᠦᠳᠤᠬᠡᠨ ᠪᠠᠶᠢᠭᠤᠯᠤᠯᠳᠠ ᠶᠢᠨ ᠠᠵᠤ ᠤᠢᠢᠯᠡᠰ ᠤᠨ ᠲᠤᠭᠤᠷᠢᠬ᠂ ᠨᠡᠶᠢᠬᠡᠮ ᠠᠷᠠᠳ ᠤᠨ ᠠᠮᠢᠳᠤᠷᠠᠯ ᠵᠡᠷᠬᠡ ᠬᠦᠷᠢᠶ᠎ᠠ ᠴᠠᠷᠭ᠎ᠠ ᠲᠡᠰᠢ ᠦᠷᠬᠡᠵᠢᠬᠦ ᠶᠢ ᠠᠬᠢᠭᠤᠯᠤᠶ᠎ᠠ᠃ 2019 ᠤᠨ᠎ ᠤ ᠳᠤᠮᠳᠠᠳᠤ ᠫᠠᠺᠢᠰᠲ᠋ᠠᠨ᠎ ᠤ ᠨᠦᠬᠦᠷᠰᠡᠭ ᠬᠤᠳᠠ ᠶᠢᠨ ᠠᠵᠠ ᠲᠤᠬᠢᠶᠠᠯ ᠢ ᠠᠮᠵᠢᠵᠤ᠂ ᠨᠡᠩ ᠬᠦᠭᠵᠢᠶᠠᠨᠳᠠᠢ ᠰᠤᠶᠤᠯ ᠢᠷᠬᠡᠨᠰᠢᠯ ᠤᠨ ᠰᠤᠯᠢᠯᠴᠠᠭ᠎ᠠ ᠶᠢ ᠠᠬᠢᠭᠤᠯᠵᠤ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ᠂ ᠱᠠᠩᠬᠠᠢ ᠶᠢᠨ ᠬᠠᠮᠳᠤᠷᠠᠯᠴᠠᠭᠠᠨ᠎ ᠤ ᠵᠤᠬᠢᠶᠠᠨ ᠪᠠᠶᠢᠭᠤᠯᠤᠯᠳᠠ ᠵᠡᠷᠬᠡ ᠤᠯᠠᠨ ᠲᠠᠯᠠᠲᠦ ᠲᠠᠪᠴᠠᠩ ᠤᠨ ᠵᠤᠬᠢᠴᠠᠭᠤᠯᠭ᠎ᠠ ᠤᠯᠤᠯᠴᠠᠭ᠎ᠠ ᠶᠢ ᠴᠢᠩᠭᠠᠳᠬᠠᠶ᠎ᠠ ᠭᠡᠵᠦ ᠴᠢᠬᠤᠯᠠᠴᠢᠯᠠᠪᠠ᠃

  ᠢᠮᠦ᠋ᠯᠠᠨ · ᠬᠠᠨ᠂ ᠫᠠᠺᠢᠰᠲ᠋ᠠᠨ ᠤ ᠬᠢᠨ ᠳᠤᠮᠳᠠᠳᠤ ᠤᠯᠤᠰ ᠤᠨ ᠬᠦᠭᠵᠢᠯᠳᠠ ᠶᠢᠨ ᠠᠮᠵᠢᠯᠳᠠ ᠪᠦᠳᠤᠮᠵᠢ ᠶᠢ ᠪᠢᠰᠢᠷᠠᠵᠤ ᠪᠠᠶᠢᠨ᠎ᠠ᠂ ᠳᠤᠮᠳᠠᠳᠤ ᠤᠯᠤᠰ ᠤᠨ ᠬᠦᠭᠵᠢᠯᠳᠠ᠂ ᠶᠠᠳᠠᠭᠤ ᠶᠢ ᠲᠡᠳᠬᠦᠬᠦ ᠪᠠ ᠢᠯᠵᠢᠷᠠᠯ ᠢ ᠡᠰᠡᠷᠡᠬᠦᠴᠡᠬᠦ ᠵᠡᠷᠬᠡ ᠲᠠᠯ᠎ᠠ ᠪᠠᠷ ᠬᠢ ᠠᠮᠵᠢᠯᠳᠠ ᠲᠠᠢ ᠲᠤᠷᠰᠢᠯᠭ᠎ᠠ ᠶᠢ ᠰᠤᠷᠤᠯᠴᠠᠵᠤ ᠲᠤᠯᠢᠳᠠᠬᠤ ᠶᠢ ᠬᠦᠰᠡᠵᠤ ᠪᠠᠶᠢᠨ᠎ᠠ᠃ ᠳᠤᠮᠳᠠᠳᠤ ᠤᠯᠤᠰ ᠪᠤᠯ ᠫᠠᠺᠢᠰᠲ᠋ᠠᠨ᠎ ᠤ ᠦᠨᠢᠳᠠ ᠶᠢᠨ ᠪᠠᠶᠢᠯᠳᠤᠬᠤ ᠪᠤᠳᠤᠯᠭ᠎ᠠ ᠶᠢᠨ ᠬᠠᠮᠳᠤᠷᠠᠯᠴᠠᠭᠠᠨ᠎ ᠤ ᠬᠠᠨᠢᠳᠠᠨ᠂ ᠫᠠᠺᠢᠰᠲ᠋ᠠᠨ ᠳᠤᠮᠳᠠᠳᠤ ᠶᠢᠨ ᠨᠦᠬᠦᠷᠯᠠᠯ ᠫᠠᠺᠢᠰᠲ᠋ᠠᠨ᠎ ᠤ ᠠᠷᠠᠳ ᠲᠦᠮᠡᠨ᠎ ᠤ ᠰᠡᠳᠬᠢᠯ ᠳᠤ ᠬᠦᠨ ᠬᠠᠳᠠᠩᠰᠢᠵᠠᠢ᠃ ᠫᠠᠺᠢᠰᠲ᠋ᠠᠨ ᠤ ᠬᠢᠨ ᠳᠤᠮᠳᠠᠳᠤ ᠤᠯᠤᠰ ᠯᠤᠭ᠎ᠠ ᠶᠢᠨ ᠬᠠᠷᠢᠯᠴᠠᠭ᠎ᠠ ᠪᠠᠨ ᠬᠦᠨᠵᠡᠬᠡᠶᠢᠷᠡᠬᠦᠯᠬᠦ ᠪᠠᠷ ᠦᠷᠬᠦᠯᠵᠢᠯᠠᠨ ᠴᠢᠷᠮᠠᠶᠢᠵᠤ᠂ ᠳᠤᠮᠳᠠᠳᠤ ᠫᠠᠺᠢᠰᠲ᠋ᠠᠨ᠎ ᠤ ᠠᠵᠤ ᠠᠬᠤᠢ ᠶᠢᠨ ᠬᠤᠩᠬᠢᠯ ᠤᠨ ᠪᠦᠳᠤᠬᠡᠨ ᠪᠠᠶᠢᠭᠤᠯᠤᠯᠳᠠ ᠶᠢ ᠠᠬᠢᠭᠤᠯᠵᠤ᠂ ᠫᠠᠺᠢᠰᠲ᠋ᠠᠨ᠎ ᠤ ᠠᠵᠤ ᠠᠬᠤᠢ ᠨᠡᠶᠢᠬᠡᠮ ᠬᠦᠭᠵᠢᠯᠳᠠ ᠳᠡᠭᠡᠨ ᠬᠦᠴᠦᠨ ᠨᠡᠮᠡᠷᠢᠯᠡᠨ᠎ᠡ᠃ ᠫᠠᠺᠢᠰᠲ᠋ᠠᠨ ᠲᠤᠷᠠᠳᠠᠶ᠎ᠠ ᠳᠤᠮᠳᠠᠳᠤ ᠤᠯᠤᠰ ᠯᠤᠭ᠎ᠠ ᠤᠯᠠᠨ ᠲᠠᠯ᠎ᠠ ᠶᠢᠨ ᠶᠠᠪᠤᠳᠠᠯ ᠳᠠᠬᠢ ᠤᠯᠤᠯᠴᠠᠭ᠎ᠠ ᠵᠤᠬᠢᠴᠠᠭᠤᠯᠭ᠎ᠠ ᠪᠠᠨ ᠨᠢᠬᠳᠠᠷᠠᠭᠤᠯᠤᠨ᠎ᠠ ᠬᠡᠵᠤ ᠢᠯᠡᠳᠬᠡᠪᠡ᠃

  ᠶᠠᠩ ᠵᠢᠶᠧ ᡂᠢ᠂ ᠸᠠᠩ ᠢ᠂ ᠡᡁᠧ ᠯᠢ ᠹᠧᠩ ᠨᠠᠷ ᠤᠷᠤᠯᠴᠠᠪᠠ᠃

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com