ᠠᠷᠠᠳ ᠤᠯᠠᠨ ᠢ ᠪᠤᠳᠤᠬᠤ ᠦᠭᠡᠢ ᠪᠤᠯ ᠲᠠᠷᠤᠭ᠎ᠠ ᠪᠢᠳᠡᠭᠡᠢ ᠪᠤᠯᠤᠭᠠᠷᠠᠢ

 —— ᠶᠡᠷᠦᠩᠭᠡᠢ ᠱᠦᠵᠢ ᠰᠢ ᠶᠢᠨ ᠫᠢᠩ ᠤᠨ ᠰᠢᠶᠠ ᠵᠢᠶᠠᠩ ᠲᠤᠰᠬᠤᠨ ᠢ ᠲᠡᠳᠬᠦᠭᠰᠡᠨ ᠪᠤᠳᠠᠳᠤ ᠲᠡᠮᠳᠡᠭᠯᠡᠯ

 2017 ᠤᠨ ᠤ ᠠᠯᠳᠠᠨ ᠨᠠᠮᠤᠷ ᠰᠤᠷᠪᠤᠯᠵᠢᠯᠠᠬᠴᠢ ᠰᠢᠶᠠ ᠵᠢᠶᠠᠩ ᠲᠤᠰᠬᠤᠨ ᠳᠤ ᠬᠦᠷᠭᠦ ᠳᠤ ᠶᠠᠭ ᠰᠠᠶᠢᠬᠠᠨ ᠨᠠᠮᠤᠷ ᠤᠨ ᠬᠤᠷ᠎ᠠ ᠱᠠᠬᠢᠵᠤ ᠪᠠᠶᠢᠯ᠎ᠠ᠃

 ᠶᠠᠭ ᠯᠡ ᠪᠤᠯᠵᠤᠭ᠎ᠠ ᠲᠠᠢ ᠶᠤᠮᠰᠢᠭ ᠨᠢᠭᠡ ᠯᠡ ᠰᠦᠨᠢ ᠶᠢᠨ ᠬᠤᠭᠤᠷᠤᠨᠳᠦ ᠬᠡᠷ ᠬᠡᠷ ᠤᠨ ᠡᠭᠦᠳᠡᠨ ᠡᠮᠦᠨᠡᠬᠢ ᠭᠠᠪᠢᠷ᠎ᠠ ᠴᠡᠴᠡᠭ ᠦᠩᠭᠡ ᠪᠤᠯᠢᠶᠠᠯᠳᠤᠨ ᠲᠡᠯᠭᠡᠷᠡᠵᠤ᠂ ᠰᠤᠷᠭᠤᠭ ᠴᠡᠴᠡᠭ ᠤᠨ ᠠᠩᠬᠢᠯᠤᠮ᠎ᠠ ᠦᠨᠦᠷ ᠲᠤᠰᠬᠤᠨ ᠳᠠᠶᠠᠭᠠᠷ ᠬᠠᠩᠬᠤᠯᠤᠨ᠎ᠠ᠃ ᠨᠤᠮᠢᠨ ᠨᠤᠭᠤᠭᠠᠨ ᠤᠳᠠ ᠤᠯᠢᠶᠠᠰᠤᠨ ᠤ ᠲᠤᠮᠳᠠᠭᠤᠷ ᠭᠤᠷᠪᠠ ᠲᠦᠷᠪᠡᠨ ᠲᠠᠪᠬᠤᠷᠯᠢᠭ ᠤᠨ ᠰᠦᠨ ᠴᠠᠭᠠᠨ ᠠᠰᠠᠷ ᠰᠦᠭᠯᠡᠶᠢᠨ ᠤᠨᠴᠠᠭᠠᠢ ᠴᠡᠪᠡᠷ ᠴᠡᠮᠴᠡᠭᠡᠷ ᠲᠡᠷᠢ ᠲᠡᠭᠰᠢ ᠬᠠᠷᠠᠬᠳᠠᠨ᠎ᠠ᠃

 ᠰᠢᠶᠠ ᠵᠢᠶᠠᠩ ᠲᠤᠰᠬᠤᠨ ᠵᠧᠵᠢᠶᠠᠩ ᠮᠤᠵᠢ ᠶᠢᠨ ᠴᠦᠨ ᠠᠨ ᠰᠢᠶᠠᠨ ᠤ ᠹᠧᠩ ᠱᠦ ᠯᠢᠩ ᠪᠠᠯᠭᠠᠰᠦ ᠳᠤ ᠬᠠᠷᠢᠶᠠᠯᠠᠬᠳᠠᠨ᠎ᠠ᠃ ᠵᠧᠵᠢᠶᠠᠩ ᠤᠨ ᠪᠠᠷᠠᠭᠤᠨ ᠬᠡᠰᠡᠭ ᠣᠷᠣᠨ ᠳᠤ ᠰᠢᠶᠠ ᠵᠢᠶᠠᠩ ᠲᠤᠰᠬᠤᠨ ᠭᠡᠪᠡᠯ ᠬᠤᠯᠠ ᠤᠢᠢᠷ᠎ᠠ ᠳᠠᠭᠠᠨ ᠠᠯᠳᠠᠷᠳᠠᠢ᠃ ᠦᠩᠭᠡᠷᠡᠭᠰᠡᠨ ᠳᠤ᠂ ᠶᠠᠳᠠᠭᠤ ᠬᠤᠴᠤᠷᠤᠩᠭᠤᠢ᠎ ᠪᠠᠷ ᠢᠶᠠᠨ ᠨᠡᠷ᠎ᠡ ᠠᠯᠳᠠᠷᠰᠢᠵᠣ᠂ ᠠᠷᠠᠳ ᠤᠨ ᠲᠤᠮᠳᠠ ᠪᠠᠰᠠ ᠰᠢᠪᠡᠷ ᠰᠢᠷᠤᠢ ᠶᠢᠨ ᠪᠠᠶᠢᠰᠢᠩ ᠲᠠᠢ᠂ ᠬᠠᠭᠠᠰ ᠵᠢᠯ ᠤᠨ ᠠᠮᠤ ᠬᠦᠨᠡᠰᠦ ᠲᠠᠢ᠂ ᠰᠢᠶᠠ ᠵᠢᠶᠠᠩ ᠤᠨ ᠬᠦᠦᠴᠤᠤᠯ ᠳᠤ ᠬᠡᠤᠭᠡᠨ ᠢᠶᠠᠨ ᠯᠠᠪ ᠮᠤᠷᠳᠠᠭᠤᠯᠬᠤ ᠦᠭᠡᠢ ᠬᠡᠭᠦ ᠶᠠᠷᠢᠶ᠎ᠠ ᠲᠠᠮᠵᠢᠬᠳᠠᠵᠤ ᠪᠠᠶᠢᠪᠠ᠃

 ᠤᠳᠤ ᠰᠢᠶᠠ ᠵᠢᠶᠠᠩ ᠲᠤᠰᠬᠤᠨ ᠤ ᠨᠡᠷ᠎ᠠ ᠶᠢᠨ ᠬᠢᠨᠢ ᠡᠮᠦᠨ᠎ᠠ ᠬᠠᠮᠤᠭ ᠤᠨ ᠭᠤᠶᠤ ᠬᠠᠮᠤᠭ ᠤᠨ ᠪᠠᠶᠠᠨ ᠬᠡᠰᠡᠨ ᠲᠤᠳᠤᠳᠬᠠᠯ ᠲᠠᠢ ᠪᠤᠯᠵᠠᠢ᠃

 ᠰᠢᠶᠠ ᠵᠢᠶᠠᠩ ᠲᠤᠰᠬᠤᠨ ᠤ ᠬᠤᠪᠢᠷᠠᠯᠲᠠ ᠶᠢ ᠶᠠᠷᠢᠬᠤ ᠪᠠᠷ ᠲᠤᠰᠬᠤᠨ ᠤ ᠠᠷᠠᠳ ᠪᠤᠯᠵᠤᠭᠰᠠᠨ ᠶᠤᠮ ᠰᠢᠭ᠋ ᠵᠧᠵᠢᠶᠠᠩ ᠮᠤᠵᠢ ᠶᠢᠨ ᠤᠤᠯ ᠤᠨ ᠨᠠᠮ ᠤᠨ ᠬᠤᠷᠢᠶ᠎ᠠ ᠶᠢᠨ ᠱᠦᠵᠢ ᠰᠢ ᠶᠢᠨ ᠫᠢᠩ ᠨᠦᠬᠦᠷ ᠢ ᠲᠤᠷᠠᠳᠤᠨ᠎ᠠ᠃ 2003 ᠤᠨ ᠠᠴᠠ 2007 ᠤᠨ ᠪᠣᠯᠳᠠᠯ᠎ᠠ᠂ ᠰᠢ ᠱᠦᠵᠢ ᠰᠢᠶᠠ ᠵᠢᠶᠠᠩ ᠲᠤᠰᠬᠤᠨ ᠳᠤ ᠤᠯᠠᠨ ᠤᠳᠠᠭ᠎ᠠ ᠬᠦᠷᠴᠦ ᠲᠤᠬᠠᠢ ᠶᠢᠨ ᠭᠠᠵᠠᠷ ᠲᠤᠨᠢ ᠰᠢᠨᠵᠢᠯᠡᠨ ᠪᠠᠶᠢᠴᠠᠭᠠᠵᠣ᠂ ᠳᠤᠭ᠎ᠠ ᠦᠭᠡᠢ ᠣᠯᠠᠨ ᠣᠳᠠᠭ᠎ᠠ ᠰᠢᠶᠠ ᠵᠢᠶᠠᠩ ᠲᠤᠰᠬᠤᠨ ᠢ ᠵᠠᠳᠠᠭᠤ ᠠᠴᠠ ᠨᠢ ᠠᠩᠬᠢᠵᠢᠷᠠᠭᠤᠯᠦᠨ ᠪᠠᠶᠠᠵᠢᠭᠤᠯᠣᠨ ᠴᠢᠨᠡᠭᠡᠯᠢᠭᠵᠢᠭᠦᠯᠭᠦ ᠲᠠᠭᠠᠭᠤᠯᠤᠬᠴᠢ ᠨᠢ ᠪᠣᠯᠣᠭᠰᠠᠨ ᠪᠢᠯᠡ ᠁

 (ᠨᠢᠭᠡ) ᠤᠯᠠᠨ ᠲᠦᠮᠡᠨ ᠤ ᠠᠰᠢᠭ ᠲᠤᠰᠠ ᠳᠤ ᠪᠠᠭ᠎ᠠ ᠶᠠᠪᠤᠳᠠᠯ ᠬᠡᠵᠤ ᠪᠠᠶᠢᠬᠤ ᠦᠭᠡᠢ᠃ ᠤᠯᠠᠨ ᠲᠦᠮᠡᠨ ᠤ ᠪᠠᠭ᠎ᠠ ᠶᠠᠪᠤᠳᠠᠯ᠎ ᠤᠳ ᠨᠢ ᠤᠯᠤᠰ ᠪᠤᠯᠤᠨ ᠬᠠᠮᠳᠤ ᠶᠢᠨ ᠲᠤᠮᠤ ᠶᠠᠪᠤᠳᠠᠯ ᠤᠨ ᠡᠰ ᠪᠤᠯᠣᠨ᠎ᠠ᠃ ᠵᠢᠵᠢᠭ ᠡᠰ ᠡᠷᠡᠭᠦᠯ ᠴᠢᠬᠢᠷᠠᠭ ᠪᠣᠯ ᠳᠣᠮᠣ ᠴᠤᠬᠴᠠᠰ ᠰᠠᠶᠢ ᠠᠮᠢ ᠠᠮᠢᠵᠢᠷᠠᠯ ᠢᠶᠠᠷ ᠪᠢᠯᠬᠠᠵᠤ ᠴᠢᠳᠠᠨ᠎ᠠ᠃ ᠨᠠᠮ ᠤᠨ ᠺᠠᠳ᠋ᠷᠴᠤᠳ ᠤᠯᠠᠨ ᠲᠦᠮᠡᠨ ᠤ ᠠᠮᠢᠳᠤᠷᠠᠯ ᠢ ᠡᠷᠬᠡᠪᠰᠢ ᠴᠠᠭ ᠢᠮᠠᠬᠳᠠ ᠰᠡᠳᠬᠢᠯ ᠳᠡᠭᠡᠨ ᠪᠤᠳᠤᠵᠤ᠂ ᠴᠢᠩ ᠦᠨᠡᠨ ᠰᠡᠳᠬᠢᠯ ᠠᠴᠠ ᠪᠠᠨ ᠤᠯᠠᠨ ᠲᠦᠮᠡᠨ ᠤ ᠲᠦᠯᠦᠭᠡ ᠪᠤᠳᠠᠳᠤ ᠶᠠᠪᠣᠳᠠᠯ ᠬᠢᠵᠦ᠂ ᠰᠠᠶᠢᠨ ᠶᠠᠪᠤᠳᠠᠯ ᠬᠢᠵᠤ᠂ ᠬᠦᠴᠢᠷ ᠶᠠᠪᠤᠳᠠᠯ ᠢ ᠨᠢ ᠰᠢᠢᠳᠪᠦᠷᠢᠯᠡᠨ ᠦᠭᠭᠦ ᠬᠡᠷᠡᠭᠳᠡᠢ᠃

 ᠹᠧᠩ ᠯᠢᠨ ᠭᠠᠩ ᠤᠨ ᠤᠰᠤᠨ ᠮᠤᠷᠤᠯᠵᠠᠨ ᠤᠷᠤᠰᠤᠨ᠎ᠠ᠃ ᠭᠤᠷᠤᠬ᠎ᠠ ᠲᠠᠭᠠᠤ ᠬᠤᠶᠠᠷ ᠡᠷᠬᠢ ᠶᠢᠨ ᠴᠢᠯᠠᠭᠤᠨ ᠬᠠᠪᠳᠠᠰᠤᠨ ᠵᠠᠮ ᠮᠠᠰᠢ ᠴᠡᠪᠡᠷ ᠴᠡᠮᠴᠡᠭᠡᠷ᠃ ᠡᠷᠦᠭᠡ ᠪᠤᠯᠭᠠᠨ ᠤ ᠡᠮᠦᠨᠡᠬᠢ ᠴᠡᠴᠡᠭᠯᠢᠭ ᠲᠤ ᠵᠦᠢᠯ ᠤᠨ ᠴᠡᠴᠡᠭ ᠦᠩᠭᠡ ᠢᠯᠭᠠᠷᠠᠨ ᠲᠡᠯᠭᠡᠷᠡᠨ᠎ᠠ᠃

 ᠲᠡᠭᠡᠷ᠎ᠠ ᠵᠠᠭᠤᠨ ᠤ ᠨᠠᠶᠠᠭᠠᠳ ᠤᠨ ᠤ ᠡᠬᠢ ᠪᠠᠷ᠂ ᠶᠠᠳᠠᠭᠤ ᠠᠴᠠ ᠪᠠᠨ ᠠᠩᠭᠢᠵᠢᠷᠠᠬᠤ ᠪᠠᠷ ᠶᠠᠭᠠᠷᠠᠵᠤ ᠪᠠᠶᠢᠬᠰᠠᠨ ᠲᠤᠰᠬᠤᠨ ᠤ ᠠᠷᠠᠳ ᠬᠢᠷᠦᠭᠡ ᠰᠦᠬᠡ ᠪᠠᠨ ᠠᠪᠴᠣ ᠠᠭᠤᠯᠠᠨ ᠳᠤ ᠭᠠᠷᠴᠦ ᠮᠤᠳᠤ ᠤᠬᠳᠤᠯᠪᠠ᠃ 40 ᠭᠠᠷᠤᠢ ᠮᠤᠳᠤᠨ ᠨᠡᠬᠦᠷᠡᠰᠦᠨ ᠵᠣᠤᠬ᠎ᠠ ᠶᠢ ᠵᠡᠷᠭᠡᠪᠡᠷ ᠬᠦᠭᠵᠢᠭᠡᠭᠰᠡᠨ ᠠᠴᠠ ᠪᠦᠬᠦ ᠲᠤᠰᠬᠤᠨ ᠡᠳᠦᠷᠵᠢᠨ ᠤᠲᠤᠭ᠎ᠠ ᠮᠠᠨᠠᠨ ᠤ ᠳᠤᠮᠳᠠ ᠤᠨᠢᠶᠠᠷᠳᠣᠨ ᠬᠦᠳᠡᠩᠳᠡᠨ᠎ᠡ᠃ ᠤᠬᠤᠷᠬᠠᠨ ᠬᠡᠳᠦᠨ ᠵᠢᠯ ᠤᠨ ᠬᠤᠭᠤᠷᠣᠨᠳᠣ᠂ 6000 ᠭᠠᠷᠤᠢ ᠮᠦ ᠤᠢ ᠮᠤᠲᠤ ᠠᠯᠠᠭ᠎ᠠ ᠪᠤᠯᠵᠤ᠂ ᠠᠭᠤᠯᠠ ᠨᠢᠷᠣᠭᠤᠳ ᠨᠢ ᠬᠠᠯᠴᠠᠭᠠᠢ ᠬᠤᠵᠢᠭᠢᠷ ᠪᠤᠯᠵᠠᠢ ᠁ ᠰᠢᠶᠠ ᠵᠢᠶᠠᠩ ᠲᠤᠰᠬᠤᠨ ᠤ ᠠᠬᠠᠮᠠᠳ ᠨᠠᠮ ᠤᠨ ᠡᠭᠦᠷ ᠤᠨ ᠱᠦᠵᠢ ᠵᠢᠶᠠᠩ ᠶᠢᠨ ᠰᠢᠶᠠᠩ ᠲᠠᠢ ᠬᠠᠮᠳᠤ ᠲᠤᠰᠬᠤᠨ ᠤ ᠵᠡᠭᠡᠯᠢ ᠭᠤᠳᠤᠮᠵᠢ ᠪᠠᠷ ᠲᠤᠭᠤᠷᠢᠵᠤ᠂ ᠲᠡᠭᠦᠨ ᠤ ᠲᠠᠨᠢᠯᠴᠠᠭᠤᠯᠬᠤ ᠶᠢ ᠰᠤᠨᠤᠰᠬᠤ ᠳᠤ᠂ ᠰᠢᠶᠠ ᠵᠢᠶᠠᠩ ᠲᠤᠰᠬᠤᠨ ᠤ ᠦᠡᠭᠭᠡᠷᠡᠭᠰᠡᠨ ᠤ ᠪᠠᠶᠢᠳᠠᠯ ᠨᠢᠳᠦᠨ ᠡᠮᠦᠨ᠎ᠡ ᠢᠯᠡᠷᠡᠬᠦ‍ ᠰᠢᠭ ᠪᠤᠯᠤᠨ᠎ᠠ᠄ ᠵᠡᠭᠡᠯᠢ ᠭᠤᠳᠤᠮᠵᠢ ᠨᠢ ᠡᠩᠭᠦᠯ ᠲᠤᠩᠬᠤᠯ ᠰᠢᠪᠠᠷ ᠵᠠᠮ᠂ ᠳᠣᠰᠬᠤᠨ ᠤ ᠠᠷᠠᠳ ᠤᠨ ᠭᠡᠷ ᠪᠠᠶᠢᠰᠢᠩ ᠪᠦᠬᠦᠨ ᠢᠶᠠᠷ ᠢᠶᠠᠨ ᠰᠢᠪᠠᠷ ᠪᠠᠶᠢᠰᠢᠩ᠂ ᠬᠦᠷᠢᠶ᠎ᠠ ᠬᠠᠰᠢᠶ᠎ᠠ ᠳᠠᠭᠠᠨ ᠭᠠᠭ᠋ᠠᠢ ᠲᠡᠵᠢᠭᠡᠵᠦ᠂ ᠪᠤᠵᠠᠷ ᠤᠰᠤ ᠬᠠ ᠶᠠ ᠦᠭᠡᠢ ᠤᠷᠤᠰᠤᠨ᠎ᠠ ᠁

 ᠬᠡᠯᠡᠪᠡᠯ ᠨᠢᠭᠤᠷ ᠣᠯᠠᠶᠢᠮᠠᠷ ᠶᠣᠮ ᠡ᠃ ᠲᠤᠬᠠᠢ ᠶᠢᠨ ᠦᠶ᠎ᠠ ᠳᠤ ᠪᠢᠳᠠ ᠡᠶᠢᠮᠦᠷᠭᠦ ᠤᠷᠴᠢᠨ ᠳᠤ ᠶᠡᠷᠦᠩᠭᠡᠢ ᠱᠦᠵᠢ ᠰᠢ ᠶᠢᠨ ᠫᠢᠡᠭ ᠢ ᠤᠬᠳᠤᠭᠰᠠᠨ ᠰᠢᠦ ᠭᠡᠵᠦ ᠶᠠᠷᠢᠬᠤ ᠳᠤ ᠲᠡᠷᠡ ᠤᠳᠤ ᠴᠦ ᠡᠪᠭᠦ᠋ᠢᠷᠡᠬᠦ‍ ᠰᠢᠭ ᠪᠤᠯᠵᠤ ᠪᠠᠶᠢᠯ᠎ᠠ᠃

 2003 ᠤᠨ ᠤ 4 ᠰᠠᠷ᠎ᠠ ᠶᠢᠨ 24᠎ ᠤ ᠡᠳᠦᠷ ᠤᠨ ᠦᠳᠡ ᠶᠢᠨ ᠡᠮᠦᠨ᠎ᠠ᠂ ᠴᠦᠨ ᠠᠨ ᠰᠢᠶᠠᠨ ᠤ ᠰᠢᠶᠠᠨ ᠤ ᠬᠤᠳᠠ ᠠᠴᠠ ᠮᠣᠷᠳᠠᠭᠰᠠᠨ ᠰᠢ ᠶᠢᠨ ᠫᠢᠩ 60 ᠭᠠᠷᠤᠢ ᠺᠢᠯᠤᠮᠧᠳ᠋ᠷ ᠡᠩᠭᠦᠯ ᠲᠤᠩᠬᠤᠯ ᠵᠠᠮ ᠢᠶᠠᠷ ᠲᠠᠪᠬᠢᠭᠤᠯᠵᠤ᠂ ᠲᠠᠬᠢᠨ ᠬᠠᠭᠠᠰ ᠴᠠᠭ ᠵᠢᠵᠢᠭ ᠣᠩᠭᠤᠴᠠᠨ ᠳᠤ ᠰᠠᠭᠤᠵᠣ 100 ᠭᠠᠷᠣᠢ ᠨᠤᠭᠤᠯᠤᠭ᠎ᠠ ᠠᠭᠤᠯᠠᠨ ᠵᠠᠮ ᠢ ᠲᠤᠭᠤᠯᠤᠭᠠᠳ ᠰᠠᠶ᠋ᠢ ᠰᠢᠶᠠ ᠵᠢᠶᠠᠩ ᠲᠤᠰᠬᠤᠨ ᠳᠤ ᠬᠦᠷᠴᠤ ᠢᠷᠡᠵᠡᠢ᠃

 ᠰᠢ ᠶᠢᠨ ᠫᠢᠡᠭ ᠠᠮᠤᠰᠬᠢᠭᠰᠠᠨ ᠴᠦ ᠦᠭᠡᠢ ᠪᠠᠷ ᠪᠠᠶᠢᠴᠠᠭᠠᠨ ᠰᠤᠳᠤᠯᠤᠯᠳᠠ ᠪᠠᠨ ᠡᠬᠢᠯᠡᠬᠦᠯᠪᠡ᠃

 ᠪᠠᠶᠢᠴᠠᠭᠠᠨ ᠰᠤᠳᠤᠯᠤᠯᠳᠠ ᠲᠠᠭᠤᠰᠤᠬᠰᠠᠨ ᠤ ᠲᠠᠷᠠᠭ᠎ᠠ᠂ ᠰᠢ ᠶᠢᠨ ᠫᠢᠡᠭ ᠲᠤᠰᠬᠤᠨ ᠤ ᠺᠠᠳ᠋ᠷᠴᠣᠳ ᠢ ᠴᠤᠬᠯᠠᠭᠤᠯᠵᠤ᠂ ᠲᠤᠰᠬᠤᠨ ᠤ ᠠᠷᠠᠳ ᠤᠨ ᠵᠦᠪᠯᠡᠯ ᠤᠨ ᠠᠯᠪᠠᠨ ᠭᠡᠷ ᠲᠤ ᠬᠤᠷᠠᠯ ᠬᠢᠪᠡ᠃ ᠵᠢᠶᠠᠩ ᠶᠢᠨ ᠰᠢᠶᠠᠩ ᠪᠡᠯᠡᠳᠭᠡᠭᠰᠡᠨ ᠮᠡᠲᠧᠷᠢᠶᠠᠯ ᠢᠶᠠᠨ ᠭᠠᠷᠭᠠᠵᠤ ᠬᠠᠷᠢᠭᠤ ᠮᠡᠳᠡᠬᠦᠯᠬᠦ ᠬᠡᠵᠦ ᠪᠠᠶᠢᠳᠠᠯ᠎ᠠ᠂ ᠰᠢ ᠶᠢᠨ ᠫᠢᠡᠭ᠄ ᠮᠡᠲᠧᠷᠢᠶᠠᠯ ᠣᠩᠰᠢᠭᠰᠠᠨ ᠤ ᠴᠢᠬᠤᠯᠠ ᠦᠭᠡᠢ᠃ ᠶᠠᠭᠤ ᠪᠣᠳᠣᠵᠣ ᠪᠠᠶᠢᠪᠠᠯ ᠶᠠᠭᠤ ᠪᠠᠨ ᠬᠡᠯᠡᠴᠢᠭᠡ᠂ ᠶᠠᠭᠤ ᠪᠤᠳᠤᠵᠤ ᠤᠯᠪᠠᠯ ᠶᠠᠭᠤ ᠪᠠᠨ ᠬᠡᠯᠡᠴᠢᠭᠡ᠃ ᠪᠢᠳᠠ ᠦᠨᠡᠨ ᠦᠭᠡ ᠰᠤᠨᠤᠰᠬᠤ ᠪᠠᠷ ᠢᠷᠡᠭᠰᠡᠨ ᠶᠤᠮ᠃ ᠪᠤᠳᠤᠬᠰᠠᠨ ᠢᠶᠠᠨ ᠪᠦᠷ ᠬᠡᠯᠡᠭᠡᠷᠡᠢ ᠭᠡᠵᠦ ᠡᠶᠡᠯᠳᠡᠭ ᠢᠶᠠᠷ ᠭᠡᠯᠡᠪᠡ᠃

 ᠡᠨᠡ ᠦᠭᠡ ᠶᠢ ᠰᠣᠨᠣᠰᠣᠭᠰᠠᠨ ᠵᠢᠶᠠᠩ ᠶᠢᠨ ᠰᠢᠶᠠᠩ ᠰᠡᠳᠬᠢᠯ ᠠᠮᠠᠷᠠᠵᠣ᠂ ᠬᠠᠭᠠᠰ ᠡᠳᠦᠷ ᠵᠤᠪᠠᠯᠠᠩ ᠢᠶᠠᠨ ᠲᠤᠭᠠᠴᠢᠯ᠎ᠠ᠃ ᠡᠴᠦᠰ ᠲᠤ ᠲᠠᠷᠡ᠂ ᠰᠢ ᠱᠦᠵᠢ ᠡ᠂ ᠪᠠᠰᠠ ᠨᠢᠭᠡ ᠵᠢᠵᠢᠭ ᠶᠠᠪᠤᠳᠠᠯ ᠪᠠᠶᠢᠨ᠎ᠠ᠂ ᠮᠤᠵᠢ ᠠᠴᠠ ᠮᠠᠨ ᠢ ᠬᠠᠪᠰᠤᠷᠤᠨ ᠨᠠᠮᠤᠭ ᠤᠨ ᠬᠡᠢ ᠶᠢᠨ ᠵᠣᠭᠤᠷᠢ ᠪᠠᠶᠢᠭᠤᠯᠵᠣ ᠦᠭᠭᠦ ᠶᠢ ᠬᠦᠰᠡᠵᠦ ᠪᠠᠶᠢᠨ᠎ᠠ᠃ ᠦᠭᠡᠢ ᠪᠣᠯ ᠠᠭᠤᠯᠨᠨ ᠤ ᠮᠤᠳᠤ ᠶᠢ ᠪᠦᠷ ᠤᠬᠳᠤᠯᠤᠭᠠᠳ ᠲᠠᠭᠤᠰᠬᠠᠴᠢᠬᠠᠨ᠎ᠠ ᠁ ᠭᠡᠵᠦ ᠪᠠᠰᠠ ᠨᠢᠭᠡ ᠱᠠᠭᠠᠷᠳᠠᠯᠭ᠎ᠠ ᠲᠤᠷᠠᠳᠪᠠ᠃

 ᠡᠨᠡ ᠰᠠᠨᠠᠭᠤᠯᠭ᠎ᠠ ᠮᠠᠰᠢ ᠰᠠᠶᠢᠨ︕ ᠤᠯᠠᠨ ᠲᠦᠮᠡᠨ ᠳᠤ ᠠᠪᠴᠦ ᠬᠡᠯᠡᠪᠡᠯ᠂ ᠲᠡᠳᠡᠨᠡᠷ ᠤᠨ ᠠᠮᠢᠳᠤᠷᠠᠯ ᠳᠣᠮᠳᠠᠬᠢ ᠵᠢᠵᠢᠭ ᠶᠠᠪᠤᠳᠠᠯ ᠪᠦᠷᠢ ᠨᠢ ᠴᠦᠮ ᠦᠨᠡᠨ ᠪᠤᠳᠠᠳᠠᠢ ᠲᠤᠮᠤ ᠶᠠᠪᠤᠳᠠᠯ ᠪᠣᠯᠣᠨ᠎ᠠ᠃ ᠶᠠᠭ ᠬᠦᠮᠦᠨ ᠤ ᠪᠡᠶ᠎ᠠ ᠴᠣᠭᠴᠠᠰ ᠲᠠᠢ ᠠᠳᠠᠯᠢ ᠪᠠᠷ᠂ ᠵᠢᠵᠢᠭ ᠡᠰ ᠡᠷᠡᠬᠦᠯ ᠴᠢᠬᠢᠷᠠᠭ ᠪᠤᠯ᠂ ᠳᠣᠮᠣ ᠴᠣᠭᠴᠠᠰ ᠰᠠᠶᠢ ᠠᠮᠢᠵᠢᠷᠠᠯ ᠤᠨ ᠬᠦᠴᠦᠨ ᠢᠶᠠᠷ ᠪᠢᠯᠬᠠᠨ᠎ᠠ ᠬᠡᠵᠦ ᠬᠡᠯᠡᠭᠰᠡᠨ ᠢᠶᠠᠨ ᠰᠢ ᠶᠢᠨ ᠫᠢᠡᠭ ᠬᠠᠮᠳᠤ ᠪᠠᠷ᠎ᠠ ᠪᠤᠯᠵᠤ ᠪᠠᠶᠢᠭ᠎ᠠ ᠨᠦᠬᠦᠳ ᠲᠤ ᠡᠨᠡ ᠶᠠᠪᠣᠳᠠᠯ ᠢ ᠳᠡᠮᠳᠡᠭᠯᠡᠨ ᠠᠪᠬᠤ ᠶᠢ ᠱᠠᠭᠠᠷᠳᠠᠭᠰᠠᠨ ᠤ ᠬᠠᠮᠳᠤ᠄ ᠪᠡᠯᠡ ᠮᠦᠡᠭᠭᠦ ᠶᠢ ᠮᠤᠵᠢ ᠶᠢᠨ ᠡᠳ᠋ ᠤᠨ ᠵᠠᠰᠠᠭ ᠠᠴᠠ ᠰᠢᠢᠳᠪᠦᠷᠢᠯᠡᠬᠡᠷᠡᠢ ᠭᠡᠵᠦ ᠵᠠᠬᠢᠪᠠ᠃

 ᠭᠡᠳᠦᠨ ᠡᠳᠦᠷ ᠤᠨ ᠳᠠᠷᠠᠭ᠎ᠠ᠂ ᠮᠤᠵᠢ ᠶᠢᠨ ᠬᠦᠳᠡᠭᠡ ᠲᠤᠰᠬᠤᠨ ᠤ ᠡᠨᠧᠷᠬᠢ ᠶᠢᠨ ᠠᠯᠪᠠᠨ ᠭᠡᠷ ᠨᠢ ᠲᠤᠰᠬᠠᠢ ᠮᠡᠷᠭᠡᠵᠢᠯᠲᠡᠨ ᠢᠶᠠᠨ ᠳᠣᠮᠢᠯᠠᠨ ᠲᠤᠰᠬᠤᠨ ᠳᠤ ᠢᠷᠡᠭᠦᠯᠵᠦ ᠵᠢᠯᠤᠭᠤᠳᠤᠯᠭ᠎ᠠ ᠬᠢᠯᠭᠡᠵᠡᠢ᠃ ᠪᠡᠯᠡ ᠮᠦᠩᠬᠦ ᠨᠢ ᠴᠦ ᠤᠳᠠᠯ ᠦᠭᠡᠢ ᠨᠠᠶᠢᠳᠠᠪᠤᠷᠢᠵᠢᠭᠤᠯᠤᠭᠳᠠᠪᠠ᠃

 ᠲᠤᠰᠬᠤᠨ ᠤ ᠠᠷᠠᠳ ᠵᠢᠶᠠᠩ ᠽᠦ ᠬᠠᠢ ᠪᠦᠬᠦ ᠲᠤᠰᠬᠤᠨ ᠳᠠᠭᠠᠨ ᠬᠠᠮᠤᠭ ᠤᠨ ᠲᠦᠷᠦᠬᠦᠨ ᠳᠤ ᠨᠠᠮᠤᠭ ᠤᠨ ᠬᠡᠢ ᠬᠡᠷᠡᠭᠯᠡᠵᠡᠢ᠃ ᠨᠠᠮᠤᠭ ᠤᠨ ᠬᠡᠢ ᠶᠢ ᠬᠡᠷᠡᠭᠯᠡᠭᠰᠡᠨ ᠤ ᠳᠠᠷᠠᠭ᠎ᠠ᠂ ᠰᠢ ᠶᠢᠨ ᠫᠢᠩ ᠳᠠᠬᠢᠨᠲᠠ ᠰᠢᠶᠠ ᠵᠢᠶᠠᠩ ᠲᠤᠰᠬᠤᠨ ᠳᠤ ᠬᠦᠷᠴᠦ ᠣᠴᠢᠵᠠᠢ᠃ ᠲᠡᠷᠡ ᠡᠳᠦᠷ ᠨᠢ ᠪᠤᠷᠤᠭᠠᠨ ᠲᠠᠢ ᠬᠠᠪᠣᠷ ᠤᠨ ᠡᠲᠦᠷ ᠪᠠᠶᠢᠵᠠᠢ᠂ ᠬᠤᠯᠠᠬᠢ ᠠᠭᠤᠯᠠ ᠬᠦᠳᠡᠩᠳᠡᠨ ᠮᠠᠨᠡᠩᠳᠠᠨ᠎ᠠ᠃ ᠰᠢ ᠶᠢᠨ ᠫᠢᠩ ᠣᠰᠣᠨ ᠭᠤᠳᠣᠯ ᠡᠮᠦᠰᠴᠦ᠂ ᠵᠢᠶᠠᠩ ᠽᠦ ᠬᠠᠢ ᠶᠢᠨ ᠨᠠᠮᠤᠭ ᠤᠨ ᠬᠡᠢ ᠬᠡᠷᠡᠭᠯᠡᠵᠦ ᠪᠠᠶᠢᠭ᠎ᠠ ᠪᠠᠶᠢᠳᠠᠯ ᠢ ᠮᠠᠰᠢ ᠣᠷᠮ᠎ᠠ ᠲᠠᠢ ᠰᠣᠨᠣᠰᠣᠨ᠎ᠠ᠃ 20 ᠭᠠᠷᠤᠢ ᠵᠢᠯ ᠤᠨ ᠡᠮᠦᠨ᠎ᠡ ᠪᠢ ᠱᠠᠨᠪᠸᠢ ᠶᠢᠨ ᠬᠦᠳᠡᠭᠡ ᠲᠤᠰᠬᠤᠨ ᠳᠤ ᠨᠠᠮ ᠤᠨ ᠡᠬᠦᠷ ᠤᠨ ᠱᠦᠵᠢ ᠪᠠᠶᠢᠭᠰᠠᠨ ᠦᠶᠡᠰ᠂ ᠱᠠᠨᠪᠸᠢ ᠶᠢᠨ ᠤᠤᠭᠠᠨ ᠨᠠᠮᠤᠭ ᠤᠨ ᠬᠡᠢ ᠶᠢᠨ ᠲᠤᠰᠬᠤᠨ ᠢ ᠪᠠᠶᠢᠭᠤᠯᠣᠭᠰᠠᠨ ᠭᠡᠵᠦ ᠳᠡᠷᠡ ᠬᠡᠯᠡᠭᠰᠡᠨ ᠢᠶᠠᠨ᠂ ᠨᠠᠮᠤᠭ ᠤᠨ ᠬᠡᠢ ᠶᠢ ᠪᠠᠶᠢᠭᠤᠯᠬᠤ ᠲᠤᠬᠠᠢ ᠪᠢ ᠴᠦ ᠬᠠᠭᠠᠰ ᠲᠤᠰᠬᠠᠢ ᠮᠡᠷᠭᠡᠵᠢᠯᠲᠡᠨ ᠳᠤ ᠳᠣᠭᠠᠴᠢᠭᠳᠠᠨ᠎ᠠ ᠰᠢᠦ᠃ ᠨᠠᠮᠤᠭ ᠤᠨ ᠬᠡᠢ ᠶᠢ ᠪᠠᠶᠢᠭᠤᠯᠤᠬᠰᠠᠨ ᠤ ᠳᠠᠷᠠᠭ᠎ᠠ ᠪᠠᠰᠠ ᠰᠠᠶᠢᠲᠤᠷ ᠬᠢᠮᠠᠭᠠᠳᠠᠨ ᠬᠡᠷᠡᠭᠯᠡᠬᠦ ᠬᠡᠷᠡᠭᠲᠡᠢ ᠬᠡᠵᠦ ᠶᠦᠮᠦᠷᠯᠢᠭ ᠢᠶᠠᠷ ᠨᠦᠬᠦᠪᠦᠷᠢᠯᠡᠵᠦ ᠭᠠᠷᠤᠯ᠎ᠠ᠃ ᠲᠡᠷᠡ ᠲᠠᠷᠢᠶᠠᠯᠠᠬᠤ ᠡᠷᠦᠬᠡ ᠶᠢᠨ ᠲᠤᠭᠤᠭᠠᠨ ᠭᠡᠷ ᠢ ᠦᠭᠡᠷᠡᠴᠢᠯᠡᠨ ᠪᠠᠶᠢᠭᠤᠯᠬᠤ᠂ ᠨᠠᠷᠠᠨ ᠡᠨᠧᠷᠬᠢ ᠶᠢ ᠠᠰᠢᠬᠯᠠᠬᠤ ᠵᠡᠷᠭᠡ ᠢᠵᠢ ᠪᠦᠷᠢᠳᠦᠭᠦᠯᠬᠦ ᠠᠵᠢᠯ ᠢ ᠪᠠᠶᠢᠷᠢᠯᠠᠭᠤᠯᠵᠠᠢ᠃

 ᠠᠷᠪᠠᠨ ᠬᠡᠳᠦᠨ ᠵᠢᠯ ᠤᠨ ᠳᠠᠷᠠᠭᠠᠬᠢ ᠦᠨᠦᠳᠦᠷ᠂ ᠰᠤᠷᠪᠤᠯᠵᠢᠯᠠᠬᠴᠢ ᠵᠢᠶᠠᠩ ᠽᠦ ᠬᠠᠢ ᠶᠢᠨ ᠭᠡᠷ ᠲᠤ ᠬᠦᠷᠬᠦ ᠳᠤ᠂ ᠲᠡᠷᠡ ᠲᠤᠬᠠᠢ ᠶᠢᠨ ᠵᠢᠯ ᠪᠠᠶᠢᠭᠤᠯᠤᠬᠰᠠᠨ ᠨᠠᠮᠤᠭ ᠤᠨ ᠬᠡᠢ ᠪᠠᠨ ᠬᠡᠷᠡᠭᠯᠡᠭᠰᠡᠭᠡᠷ ᠪᠠᠶᠢᠪᠠ᠃ ᠵᠢᠶᠠᠩ ᠽᠦ ᠬᠠᠢ ᠶᠠᠭ ᠮᠢᠬ᠎ᠠ ᠴᠢᠨᠠᠵᠦ ᠪᠠᠶᠢᠯ᠎ᠠ᠂ ᠵᠤᠤᠬ᠎ᠠ ᠠᠴᠠ ᠬᠦᠬᠡ ᠲᠦᠯᠦ ᠳᠦᠷᠡᠯᠵᠡᠨ ᠬᠠᠷᠠᠭᠳᠠᠨ᠎ᠠ᠃ ᠭᠠᠯ ᠤᠨ ᠢᠳᠡ ᠮᠠᠰᠢ ᠬᠦᠢᠴᠡᠳ ᠪᠠᠶᠢᠨ᠎ᠠ ᠭᠡᠵᠦ ᠵᠢᠶᠠᠩ ᠽᠦ ᠬᠠᠢ ᠰᠡᠳᠬᠢᠯ ᠬᠠᠨᠤᠮᠵᠢᠲᠠᠢ᠃ ᠭᠡᠷ ᠲᠦᠬᠦᠷᠡᠩ ᠴᠢᠨᠠᠭᠰᠠᠨ ᠮᠢᠬᠠᠨ ᠤ ᠦᠨᠦᠷ ᠬᠠᠩᠬᠤᠯᠤᠨ᠎ᠠ᠃

 ᠨᠠᠮᠤᠭ ᠤᠨ ᠬᠡᠢ ᠲᠠᠢ ᠪᠤᠯᠤᠬᠰᠠᠨ ᠤ ᠳᠠᠷᠠᠭ᠎ᠠ᠂ ᠵᠤᠷᠯᠤᠩ᠂ ᠭᠠᠭ᠋ᠠᠢ ᠶᠢᠨ ᠬᠠᠰᠢᠶ᠎ᠠ᠂ ᠲᠠᠬᠢᠶᠠᠨ ᠡᠬᠦᠷ ᠤᠨ ᠪᠤᠵᠠᠷ ᠤᠰᠤ ᠪᠦᠷ ᠪᠢᠲᠡᠭᠦᠮᠵᠢᠯᠡᠭᠰᠡᠨ ᠨᠠᠮᠤᠭ ᠤᠨ ᠬᠡᠢ ᠶᠢᠨ ᠵᠣᠭᠤᠷᠢ ᠳᠤ ᠤᠷᠤᠰᠤᠨ ᠤᠷᠤᠵᠦ᠂ ᠬᠦᠷᠢᠶ᠎ᠡ ᠬᠠᠰᠢᠶ᠎ᠠ ᠴᠡᠪᠡᠷ ᠪᠤᠯᠤᠬᠰᠠᠨ ᠢᠶᠠᠷ ᠪᠠᠷᠠᠬᠤ ᠦᠬᠡᠢ᠂ ᠲᠤᠰᠬᠤᠨ ᠤ ᠠᠮᠢ ᠠᠬᠤᠢ ᠴᠦ ᠰᠠᠶᠢᠵᠢᠷᠠᠭᠰᠠᠨ ᠭᠡᠵᠦ ᠵᠢᠶᠠᠩ ᠽᠦ ᠬᠠᠢ ᠬᠡᠯᠡᠨ᠎ᠡ᠃ ᠲᠡᠷᠡ ᠬᠦᠬᠡᠷᠡᠨ ᠬᠠᠷᠠᠭᠳᠠᠬᠤ ᠠᠭᠤᠯᠠ ᠶᠢ ᠵᠢᠭᠠᠭᠰᠠᠭᠠᠷ᠄ ᠦᠵᠡᠬᠦ ᠦᠭᠡᠢ ᠤᠤ᠂ ᠠᠭᠤᠯᠠᠨ ᠳᠡᠭᠡᠷᠡᠬᠢ ᠤᠢ ᠮᠤᠲᠦ ᠢᠬᠴᠤᠷᠠᠭᠠᠳ ᠬᠦᠯ ᠬᠢᠰᠬᠢᠬᠦ ᠭᠠᠵᠠᠷ ᠦᠬᠡᠢ ᠪᠣᠯᠵᠠᠢ᠂ ᠭᠡᠭᠡᠷ᠎ᠡ ᠶᠢᠨ ᠭᠠᠭ᠋ᠠᠢ ᠴᠦ ᠰᠦᠷᠦᠭᠯᠡᠬᠦ ᠪᠣᠯᠣᠭᠰᠠᠨ᠃ ᠠᠮᠢ ᠠᠬᠤᠢ ᠶᠢᠨ ᠲᠠᠩᠴᠡᠬᠦᠷᠢ ᠶᠢ ᠪᠠᠳᠣᠯᠠᠬᠤ ᠶᠢᠨ ᠲᠦᠯᠦᠭᠡ ᠪᠠᠯᠭᠠᠰᠤᠨ ᠠᠴᠠ ᠵᠢᠯ ᠪᠦᠷᠢ ᠡᠪᠦᠯ ᠤᠨ ᠤᠯᠠᠷᠢᠯ ᠳᠤ ᠠᠩ ᠠᠩᠨᠠᠬᠤ ᠠᠩᠬᠢ ᠵᠤᠬᠢᠶᠠᠨ ᠪᠠᠶᠢᠭᠤᠯᠵᠦ ᠨᠢᠭᠡ ᠬᠡᠰᠡᠭ ᠢ ᠨᠢ ᠠᠩᠨᠠᠵᠣ ᠪᠣᠢ ᠭᠡᠵᠦ ᠪᠠᠶᠢᠯ᠎ᠠ᠃

 ᠵᠢᠶᠠᠩ ᠽᠦ ᠬᠠᠢ ᠶᠢᠨ ᠭᠡᠷ ᠲᠤ ᠲᠤᠭᠤᠷᠢᠬᠤ ᠪᠠᠷ ᠢᠷᠡᠭᠰᠡᠨ 69 ᠨᠠᠰᠤ ᠲᠠᠢ ᠵᠢᠶᠠᠩ ᠬᠤ᠋ ᠵᠢᠶᠠ ᠨᠠᠰᠤᠲᠠᠨ ᠰᠤᠷᠪᠤᠯᠵᠢᠯᠠᠬᠴᠢ ᠲᠠᠢ ᠠᠭᠤᠯᠵᠠᠭᠠᠳ᠄ ᠤᠳᠤ ᠮᠠᠨ ᠤ ᠬᠦᠳᠡᠭᠡ ᠶᠢᠨ ᠬᠦᠮᠦᠰ ᠲᠠᠨ ᠤ ᠬᠤᠲᠠ ᠶᠢᠨ ᠬᠦᠮᠦᠰ ᠠᠴᠠ ᠴᠦ ᠵᠢᠷᠭᠠᠯ ᠲᠠᠢ ᠠᠮᠢᠳᠤᠷᠠᠵᠦ ᠪᠠᠶᠢᠨ᠎ᠠ ᠰᠢᠦ᠄ ᠭᠡᠷ ᠪᠠᠶᠢᠰᠢᠩ ᠰᠠᠷᠠᠭᠤᠯ ᠳᠣᠬᠢᠯᠢᠭ ᠲᠠᠭᠠᠯᠠᠮᠵᠢᠲᠠᠢ᠂ ᠢᠳᠡᠰᠢᠨ ᠨᠤᠭᠤᠭ᠎ᠠ ᠪᠠᠨ ᠦᠪᠡᠷ ᠢᠶᠠᠨ ᠳᠠᠷᠢᠬᠤ ᠪᠣᠯᠬᠤᠷ ᠰᠢᠨ᠎ᠠ ᠰᠤᠷᠭᠤᠭ᠂ ᠲᠤᠰᠬᠤᠨ ᠳᠤ ᠡᠪᠡᠰᠦ ᠮᠤᠳᠦ ᠠᠷᠪᠢᠨ᠂ ᠠᠭᠤᠷ ᠠᠮᠢᠰᠬᠤᠯ ᠰᠠᠶᠢᠨ᠂ ᠤᠰᠤ ᠨᠢ ᠴᠦ ᠠᠷᠢᠭᠤᠨ ᠴᠡᠪᠡᠷ᠃ ᠮᠢᠨᠦ ᠦᠬᠢᠨ ᠨᠠᠮ᠎ᠠ ᠶᠢ ᠬᠤᠲᠠ ᠳᠤ ᠲᠤᠰᠣᠨ ᠠᠪᠠᠴᠢᠬᠤ ᠰᠠᠨᠠᠭ᠎ᠠ ᠲᠠᠢ᠂ ᠪᠢ ᠰᠠᠶ᠋ᠢ ᠤᠴᠢᠬᠤ ᠦᠬᠡᠢ ᠬᠡᠵᠦ ᠬᠡᠯᠡᠵᠦ ᠭᠠᠷᠣᠯ᠎ᠡ᠃

 ᠤᠳᠤᠬᠠᠨ ᠳᠤ᠂ ᠰᠢᠶᠠ ᠵᠢᠶᠠᠩ ᠲᠤᠰᠬᠤᠨ ᠤ ᠤᠢ ᠰᠢᠭᠤᠢ ᠶᠢᠨ ᠪᠦᠷᠬᠦᠴᠡ ᠶᠢᠨ ᠨᠤᠷᠮ᠎ᠠ 97%᠎ ᠲᠤ ᠬᠦᠷᠴᠦ ᠪᠣᠢ᠃

 (ᠬᠤᠶᠠᠷ) ᠪᠢᠳᠡ ᠬᠦᠳᠡᠭᠡ ᠠᠵᠦ ᠠᠬᠤᠢ᠂ ᠬᠦᠳᠡᠭᠡ ᠲᠤᠰᠬᠤᠨ᠂ ᠲᠠᠷᠢᠶᠠᠴᠢᠨ᠎ ᠤ ᠠᠵᠢᠯ ᠢ ᠬᠦᠨᠳᠦᠳᠬᠡᠬᠦ ᠶᠢ ᠴᠢᠬᠤᠯᠠᠴᠢᠯᠠᠵᠦ ᠪᠠᠶᠢᠭ᠎ᠠ ᠨᠢ ᠲᠠᠷᠤᠢ ᠨᠠᠮ ᠵᠠᠰᠠᠬ ᠤᠨ ᠭᠤᠤᠯ ᠤᠳᠤᠷᠢᠳᠤᠯᠭ᠎ᠠ ᠠᠴᠠ ᠬᠦᠳᠡᠭᠡ ᠠᠵᠦ ᠠᠬᠤᠢ᠂ ᠬᠦᠳᠡᠭᠡ ᠲᠤᠰᠬᠤᠨ᠂ ᠲᠠᠷᠢᠶᠠᠴᠢᠨ᠎ ᠤ ᠠᠵᠢᠯ ᠢ ᠦᠪᠡᠷ ᠤᠨ ᠪᠡᠶ᠎ᠠ ᠪᠠᠷ ᠢᠶᠠᠨ ᠠᠳᠬᠤᠬᠤ ᠶᠢ ᠪᠠᠷᠢᠮᠳᠠᠯᠠᠬᠤ ᠶᠠᠪᠤᠳᠠᠯ ᠮᠦᠨ᠃ ᠪᠦᠬᠦ ᠨᠡᠶᠢᠬᠡᠮ ᠢᠶᠠᠷ ᠢᠶᠠᠨ ᠲᠠᠷᠢᠶᠠᠯᠠᠩ ᠢ ᠲᠡᠮᠵᠢᠬᠦ᠂ ᠲᠠᠷᠢᠶᠠᠴᠢᠨ ᠢ ᠬᠠᠯᠠᠮᠵᠢᠯᠠᠬᠤ᠂ ᠬᠦᠳᠡᠭᠡ ᠲᠤᠰᠬᠤᠨ ᠳᠤ ᠦᠢᠯᠡᠴᠢᠯᠡᠬᠦ ᠬᠦᠴᠦᠷᠭᠡᠭ ᠶᠡᠭᠡ ᠨᠡᠶᠢᠯᠡᠯ ᠬᠦᠴᠦ ᠪᠠ ᠰᠠᠶᠢᠨ ᠰᠠᠶᠢᠬᠠᠨ ᠠᠭᠤᠷ ᠠᠮᠢᠰᠬᠤᠯ ᠢ ᠪᠦᠷᠢᠯᠳᠦᠬᠦᠯᠦᠨ᠎ᠠ᠃ ᠬᠦᠳᠡᠭᠡ ᠠᠵᠦ ᠠᠬᠤᠢ᠂ ᠬᠦᠳᠡᠭᠡ ᠲᠤᠰᠬᠤᠨ᠂ ᠲᠠᠷᠢᠶᠠᠴᠢᠨ᠎ ᠤ ᠠᠵᠢᠯ ᠢ ᠰᠢᠪᠲᠤᠯᠤᠯᠳᠠ ᠲᠠᠢ ᠪᠤᠯᠭᠠᠶ᠎ᠠ ᠬᠡᠪᠡᠯ᠂ ᠮᠡᠷᠬᠡᠨ ᠬᠦᠮᠦᠨ ᠪᠤᠯ ᠵᠠᠩᠬᠢᠯᠠᠭ᠎ᠠ ᠪᠤᠯᠬᠤ ᠶᠤᠮ᠃ ᠪᠢᠳᠡ ᠤᠨᠴᠠ ᠲᠤᠮᠢᠯᠠᠭᠴᠢ᠂ ᠵᠢᠯᠤᠭᠤᠳᠤᠬᠴᠢ ᠶᠢᠨ ᠲᠦᠷᠢᠮ ᠢ ᠲᠠᠰᠤᠷᠠᠯᠳᠠ ᠦᠬᠡᠢ ᠲᠡᠬᠦᠯᠳᠡᠷᠵᠢᠬᠦᠯᠦᠨ᠂ ᠭᠤᠤᠯᠳᠠᠯᠭ᠎ᠠ ᠪᠠᠨ ᠲᠤᠷᠤᠬᠰᠢ ᠰᠢᠯᠵᠢᠬᠦᠯᠬᠦ ᠶᠢ ᠪᠡᠶᠡᠯᠡᠬᠦᠯᠬᠦ ᠬᠡᠷᠡᠭᠳᠡᠢ᠃

 ᠲᠤᠰᠬᠤᠨ ᠤ ᠨᠠᠮ ᠤᠨ ᠡᠬᠦᠷ ᠤᠨ ᠤᠤᠯ ᠤᠨ ᠱᠦᠵᠢ ᠶᠠᠩ ᠬᠤᠩ ᠮᠠ ᠶᠢ ᠲᠠᠭᠠᠵᠦ ᠲᠤᠰᠬᠤᠨ ᠤ ᠦᠵᠡᠮᠵᠢ ᠰᠤᠨᠢᠷᠬᠠᠬᠤ ᠲᠠᠶᠢᠰᠠᠨ ᠳᠤ ᠭᠠᠷᠤᠬᠰᠡᠨ ᠳᠤ᠂ ᠬᠠᠷᠠᠭᠠᠴᠢ᠂ ᠲᠡᠷᠡ ᠬᠡᠰᠡᠭ ᠨᠢ 150 ᠮᠦ ᠶᠢᠨ ᠰᠢᠬᠦᠰᠦᠯᠢᠭ ᠲᠤᠭᠤᠷ ᠤᠨ ᠬᠦᠷᠢᠶᠡᠯᠡᠩ︔ ᠲᠡᠷᠡ ᠬᠡᠰᠡᠭ ᠨᠢ 500 ᠮᠦ ᠶᠢᠨ ᠬᠢᠳᠠᠳ ᠡᠮ ᠤᠨ ᠮᠠᠲ᠋ᠧᠷᠢᠶᠠᠯ ᠰᠢᠷ᠎ᠠ ᠵᠦᠷᠦᠷ᠎ᠠ ᠶᠢᠨ ᠴᠡᠴᠡᠭ︔ ᠲᠡᠷᠡ ᠬᠡᠰᠡᠭ ᠨᠢ 220 ᠮᠦ ᠶᠢᠨ ᠪᠤᠷᠤ ᠦᠵᠦᠮ ᠤᠨ ᠬᠦᠷᠢᠶᠡᠯᠡᠩ︔ ᠬᠦᠯ ᠤᠨ ᠤᠯᠠ ᠲᠤᠤᠷᠠᠬᠢ ᠲᠡᠷᠡ ᠬᠡᠰᠡᠭ ᠰᠦᠯᠢᠶᠤᠤ ᠬᠦᠯᠡᠮᠵᠢ ᠶᠢᠨ ᠲᠤᠳᠤᠷᠠᠬᠢ ᠨᠢ 60 ᠮᠦ ᠬᠦᠵᠡᠯᠵᠡᠬᠡᠨ᠎ᠠ ᠶᠢᠨ ᠬᠦᠷᠢᠶᠡᠯᠡᠩ ᠮᠦᠨ ᠁ ᠡᠳᠡᠬᠡᠷ ᠠᠵᠦ ᠦᠢᠯᠡᠰ ᠤᠨ ᠬᠦᠭᠵᠢᠯᠳᠡ ᠳᠤ ᠶᠢᠨ ᠫᠢᠩ ᠱᠦᠵᠢ ᠶᠢᠨ ᠬᠦᠴᠦ ᠬᠦᠯᠦᠰᠤ ᠰᠢᠩᠬᠡᠵᠦ ᠪᠠᠶᠢᠭ᠎ᠠ ᠬᠡᠵᠦ ᠶᠠᠩ ᠬᠤᠩ ᠮᠠ ᠰᠤᠷᠪᠤᠯᠵᠢᠯᠠᠬᠴᠢ ᠳᠤ ᠤᠷᠤᠰᠳᠠᠯ᠎ᠠ ᠲᠠᠨᠢᠯᠴᠠᠭᠤᠯᠪᠠ᠃

 ᠰᠢᠶᠠ ᠵᠢᠶᠠᠩ ᠲᠤᠰᠬᠤᠨ ᠠᠭᠤᠯᠠ ᠵᠢᠯᠠᠭ᠎ᠠ ᠳᠤ ᠬᠦᠷᠢᠶᠡᠯᠡᠭᠳᠡᠵᠦ᠂ ᠬᠦᠮᠦᠨ ᠲᠤᠮᠳᠠᠴᠢ ᠳᠤ ᠨᠤᠬᠳᠠᠬᠤ ᠲᠠᠷᠢᠶᠠᠨ ᠭᠠᠵᠠᠷ ᠨᠢ ᠨᠢᠬᠡ ᠮᠦ ᠴᠤ ᠬᠦᠷᠬᠦ ᠦᠬᠡᠢ ᠪᠠᠶᠢᠯ᠎ᠠ᠃ ᠬᠦᠭᠵᠢᠯᠳᠡ ᠶᠢᠨ ᠤᠷᠤᠨ ᠵᠠᠢ ᠢᠪᠴᠤᠤ ᠪᠠᠶᠢᠬᠰᠠᠨ ᠪᠤᠯ ᠶᠠᠳᠠᠭᠤ ᠬᠦᠴᠢᠷᠳᠡᠯ ᠢ ᠪᠤᠢ ᠪᠤᠯᠭᠠᠬᠰᠠᠨ ᠰᠢᠯᠲᠠᠭᠠᠨ ᠤ ᠨᠢᠬᠡ ᠮᠦᠨ᠃

 2003 ᠤᠨ ᠤ 4 ᠰᠠᠷ᠎ᠠ ᠶᠢᠨ 24᠎ ᠤ ᠡᠳᠦᠷ᠂ ᠰᠢ ᠶᠢᠨ ᠫᠢᠩ ᠴᠠᠢ ᠲᠠᠷᠢᠬᠤ ᠲᠤᠮᠤ ᠡᠷᠦᠬᠡ ᠵᠢᠶᠠᠩ ᠮᠢᠩ ᠤᠨ ᠬᠢᠨ ᠳᠤ ᠶᠠᠷᠢᠯᠴᠠᠬᠤ ᠬᠤᠷᠠᠯ ᠬᠤᠷᠠᠯᠳᠤᠭᠤᠯᠵᠦ᠂ ᠲᠠᠷᠢᠶᠠᠯᠠᠩ ᠤᠨ ᠪᠦᠲᠦᠭᠡᠭᠳᠡᠬᠦᠨ ᠢ ᠦᠢᠯᠡᠳᠪᠦᠷᠢᠯᠡᠨ ᠪᠤᠷᠤᠯᠠᠭᠤᠯᠵᠦ ᠪᠠᠶᠢᠭ᠎ᠠ ᠪᠠᠶᠢᠳᠠᠯ ᠢ ᠨᠠᠷᠢᠨ ᠠᠰᠠᠭᠤᠵᠠᠢ᠃ ᠲᠡᠷᠡ ᠬᠤᠷᠤᠭᠤ ᠲᠠᠷᠤᠵᠦ ᠤᠯᠠᠨ ᠲᠠᠢ ᠤᠷᠤᠭᠤᠯᠤᠯᠳᠠ ᠪᠠ ᠤᠷᠤᠯᠭ᠎ᠠ ᠶᠢᠨ ᠲᠠᠩᠰᠠ ᠶᠢ ᠪᠤᠳᠤᠵᠦ᠄ ᠤᠯᠠᠨ ᠢᠶᠠᠷ ᠢᠶᠠᠨ ᠪᠠᠰᠠ ᠶᠠᠮᠠᠷ ᠬᠦᠭᠵᠢᠯᠳᠡ ᠶᠢᠨ ᠬᠦᠴᠢᠷᠳᠡᠯ ᠪᠠᠶᠢᠬᠤ ᠪᠤᠢ︖ ᠪᠦᠬᠦᠳᠡ ᠶᠢ ᠶᠠᠷᠢᠭᠠᠷᠠᠢ᠃ ᠪᠢᠳᠡ ᠠᠷᠭᠠᠴᠠᠬᠤ ᠪᠤᠳᠤᠯᠭ᠎ᠠ ᠶᠢ ᠬᠠᠮᠳᠤᠪᠡᠷ ᠶᠠᠷᠢᠯᠴᠠᠶ᠎ᠠ ᠬᠡᠵᠦ ᠶᠠᠷᠢᠪᠠ᠃

 ᠵᠠᠷᠢᠮ ᠲᠤᠰᠬᠤᠨ ᠤ ᠠᠷᠠᠳ᠄ ᠴᠢᠳᠠᠪᠤᠷᠢᠳᠠᠨ ᠲᠤᠳᠠᠬᠳᠠᠵᠦ ᠪᠠᠶᠢᠨ᠎ᠠ︕ ᠬᠡᠵᠦ ᠶᠠᠷᠢᠬᠤ ᠳᠤ᠂ ᠵᠠᠷᠢᠮ ᠨᠢ᠄ ᠪᠡᠯᠡ ᠮᠦᠩᠬᠦ ᠲᠤᠳᠠᠬᠳᠠᠵᠦ ᠪᠠᠶᠢᠨ᠎ᠠ︕ ᠬᠡᠵᠦ ᠶᠠᠷᠢᠵᠦ᠂ ᠪᠠᠰᠠ ᠵᠠᠷᠢᠮ ᠨᠢ᠄ ᠮᠡᠷᠬᠡᠵᠢᠯ ᠲᠤᠳᠠᠬᠳᠠᠵᠦ ᠪᠠᠶᠢᠨ᠎ᠠ︕ ᠬᠡᠵᠦ ᠶᠠᠷᠢᠵᠠᠢ᠃

 ᠰᠢ ᠶᠢᠨ ᠫᠢᠩ᠂ ᠤᠯᠠᠨ ᠤ ᠶᠠᠷᠢᠬᠰᠠᠨ ᠪᠠᠶᠢᠳᠠᠯ ᠠᠴᠠ ᠦᠵᠡᠪᠡᠯ᠂ ᠬᠦᠷᠢ ᠶᠢᠨ ᠢᠯᠠᠮ᠎ᠠ ᠶᠢᠨ ᠮᠤᠳᠤ᠂ ᠴᠠᠢ᠂ ᠡᠷᠳᠡ ᠶᠢᠨ ᠲᠤᠳᠤᠷᠭ᠎ᠠ ᠶᠢᠨ ᠭᠠᠷᠤᠯᠳᠠ ᠪᠦᠷ ᠲᠤᠤᠷ᠎ᠠ ᠪᠢᠰᠢ ᠪᠠᠶᠢᠨ᠎ᠠ᠃ ᠲᠡᠬᠡᠪᠡᠯ᠂ ᠶᠠᠭᠠᠬᠢᠭᠠᠳ ᠨᠢᠬᠡ ᠵᠢᠯ ᠦᠢᠯᠡ ᠪᠠᠨ ᠪᠠᠷᠠᠭᠠᠳ᠂ ᠤᠯᠤᠯᠳᠠ ᠲᠡᠳᠦᠢ ᠰᠠᠶᠢᠨ ᠪᠢᠰᠢ ᠪᠤᠢ︖ ᠲᠠᠷᠢᠵᠦ ᠪᠠᠶᠢᠭ᠎ᠠ ᠨᠢ ᠪᠦᠷ ᠡᠩ ᠤᠨ ᠲᠠᠷᠢᠮᠠᠯ᠃ ᠰᠢᠯᠢᠳᠡᠭ ᠦᠨᠳᠦᠷ ᠦᠷ᠎ᠠ ᠠᠰᠢᠬᠳᠠᠢ᠂ ᠵᠤᠷᠰᠢᠯ ᠪᠤᠰᠤ ᠪᠠᠷ ᠬᠦᠭᠵᠢᠬᠦᠯᠵᠤ ᠴᠢᠳᠠᠬᠰᠠᠨ ᠦᠬᠡᠢ᠃ ᠰᠢᠯᠢᠳᠡᠭ ᠪᠢᠰᠢ ᠪᠤᠯ ᠲᠠᠷᠤᠢ ᠵᠠᠬ᠎ᠠ ᠲᠡᠯᠬᠡᠬᠦᠷ ᠤᠨ ᠦᠷᠢᠰᠦᠯᠳᠦᠬᠦ ᠬᠦᠴᠦᠨ ᠦᠬᠡᠢ᠃ ᠵᠤᠷᠰᠢᠯ ᠪᠤᠰᠤ ᠬᠦᠭᠵᠢᠯᠳᠡ ᠦᠬᠡᠢ ᠪᠤᠯ ᠲᠠᠷᠤᠢ ᠪᠤᠰᠤᠳ ᠲᠤ ᠪᠠᠶᠢᠬᠤ ᠦᠬᠡᠢ ᠨᠢ ᠨᠠᠳᠠ ᠳᠤ ᠪᠠᠶᠢᠬᠤ ᠶᠢ ᠪᠡᠶᠡᠯᠡᠬᠦᠯᠵᠦ ᠴᠢᠳᠠᠬᠤ ᠦᠬᠡᠢ ᠶᠤᠮ ᠬᠡᠵᠦ ᠶᠠᠷᠢᠪᠠ᠃

 ᠲᠠ ᠨᠠᠷ ᠤᠨ ᠲᠤᠰᠬᠤᠨ ᠳᠤ ᠴᠢᠨᠢ ᠰᠢᠨᠵᠢᠯᠡᠬᠦ ᠤᠬᠠᠭᠠᠨ ᠮᠡᠷᠬᠡᠵᠢᠯ ᠤᠨ ᠤᠨᠴᠠ ᠲᠤᠮᠢᠯᠠᠬᠴᠢ ᠲᠠᠢ ᠤᠤ︖ ᠭᠡᠵᠤ ᠰᠢ ᠶᠢᠨ ᠫᠢᠩ ᠠᠰᠠᠭᠤᠪᠡ᠃

 ᠵᠢᠶᠠᠩ ᠶᠢᠨ ᠰᠢᠶᠠᠩ ᠲᠤᠯᠤᠭᠠᠢ ᠰᠠᠵᠢᠪᠠ᠃

 ᠮᠤᠵᠢ ᠠᠴᠠ ᠰᠤᠳᠤᠯᠵᠦ ᠦᠵᠡ᠂ ᠲᠠᠨ ᠤ ᠲᠤᠰᠬᠤᠨ ᠳᠤ ᠨᠢᠬᠡ ᠰᠢᠨᠵᠢᠯᠡᠬᠦ ᠤᠬᠠᠭᠠᠨ ᠮᠡᠷᠬᠡᠵᠢᠯ ᠤᠨ ᠤᠨᠴᠠ ᠲᠤᠮᠢᠯᠠᠬᠴᠢ ᠲᠤᠮᠢᠯᠠᠵᠦ ᠦᠭᠭᠦᠶ᠎ᠠ᠃ ᠰᠢ ᠶᠢᠨ ᠫᠢᠩ᠄ ᠤᠳᠤᠬᠠᠨ ᠳᠤ ᠬᠦᠳᠡᠭᠡ ᠠᠵᠦ ᠠᠬᠤᠢ᠂ ᠬᠦᠳᠡᠭᠡ ᠲᠤᠰᠬᠤᠨ᠂ ᠲᠠᠷᠢᠶᠠᠴᠢᠨ᠎ ᠤ ᠠᠵᠢᠯ ᠳᠤ ᠲᠠᠷᠢᠶᠠᠯᠠᠩ ᠤᠨ ᠦᠢᠯᠡᠳᠪᠦᠷᠢᠯᠡᠯ ᠡᠵᠡᠩᠨᠡᠯᠳᠡ ᠶᠢᠨ ᠠᠷᠭ᠎ᠠ ᠬᠡᠯᠪᠡᠷᠢ ᠬᠤᠴᠤᠷᠤᠩᠭᠤᠢ ᠪᠠ ᠲᠠᠷᠢᠶᠠᠯᠠᠩ ᠤᠨ ᠪᠦᠲᠦᠭᠡᠭᠳᠡᠬᠦᠨ ᠤ ᠬᠦᠢᠯᠬᠡᠬᠡ ᠶᠢᠨ ᠠᠷᠭ᠎ᠠ ᠬᠡᠯᠪᠡᠷᠢ ᠬᠤᠴᠤᠷᠤᠩᠭᠤᠢ ᠬᠦᠯᠢᠶᠡᠰᠦᠯᠡᠯ ᠲᠤᠯᠭᠠᠷᠠᠵᠦ ᠪᠠᠶᠢᠨ᠎ᠠ᠃ ᠪᠢᠳᠡ ᠤᠳᠤ ᠦᠶ᠎ᠠ ᠶᠢᠨ ᠬᠦᠭᠵᠢᠯᠳᠡ ᠶᠢᠨ ᠤᠢᠢᠯᠠᠭᠠᠬᠳᠠᠬᠤᠨ ᠢᠶᠠᠷ ᠲᠠᠷᠢᠶᠠᠯᠠᠩ ᠢ ᠵᠢᠯᠤᠭᠤᠳᠤᠨ᠂ ᠤᠳᠤᠬᠠᠨ ᠤ ᠰᠢᠨᠵᠢᠯᠡᠬᠦ ᠤᠬᠠᠭᠠᠨ ᠮᠡᠷᠬᠡᠵᠢᠯ ᠤᠨ ᠲᠠᠪᠰᠢᠯᠳᠠ ᠶᠢᠨ ᠠᠵᠠ ᠲᠤᠬᠢᠶᠠᠯ ᠢ ᠠᠳᠬᠤᠵᠦ᠂ ᠤᠳᠤ ᠦᠶ᠎ᠠ ᠶᠢᠨ ᠦᠢᠯᠡᠳᠪᠦᠷᠢᠯᠡᠯ ᠤᠨ ᠡᠯᠧᠮᠧᠨ᠋ᠲ ᠲᠠᠷᠢᠶᠠᠯᠠᠩ ᠲᠡᠰᠢ ᠰᠢᠯᠵᠢᠭᠦ ᠲᠤᠬᠳᠠᠴᠠ ᠶᠢ ᠪᠠᠶᠢᠭᠤᠯᠵᠦ᠂ ᠲᠠᠷᠢᠶᠠᠯᠠᠩ ᠤᠨ ᠨᠡᠮᠡᠭᠳᠡᠯ ᠤᠨ ᠠᠷᠭ᠎ᠠ ᠬᠡᠯᠪᠡᠷᠢ ᠶᠢ ᠬᠦᠴᠦᠯᠡᠨ ᠬᠤᠪᠢᠷᠠᠭᠤᠯᠤᠨ᠎ᠠ ᠬᠡᠵᠦ ᠶᠠᠷᠢᠪᠠ᠃

 ᠰᠢ ᠶᠢᠨ ᠫᠢᠩ ᠤᠨ ᠬᠠᠯᠠᠮᠵᠢᠯᠠᠯ ᠲᠤᠤᠷ᠎ᠠ᠂ ᠵᠧᠵᠢᠶᠠᠩ ᠮᠤᠵᠢ ᠶᠢᠨ ᠬᠢᠳᠠᠳ ᠡᠮ ᠤᠨ ᠰᠤᠳᠤᠯᠭᠠᠨ ᠤ ᠲᠠᠰᠤᠬ ᠤᠨ ᠲᠡᠭᠡᠳᠤ ᠲᠡᠰ ᠤᠨ ᠢᠨᠵᠧᠨᠧᠷ ᠢᠤᠢ ᠰᠢᠤᠢ ᠫᠢᠩ ᠰᠢᠶᠠ ᠵᠢᠶᠠᠩ ᠲᠤᠰᠬᠤᠨ ᠳᠤ ᠤᠷᠤᠵᠦ ᠰᠠᠭᠤᠪᠠ᠃ ᠵᠠᠷᠢᠮ ᠲᠤᠰᠬᠤᠨ ᠤ ᠠᠷᠠᠳ ᠡᠬᠢᠯᠡᠬᠡᠳ ᠢᠳᠡᠬᠡᠬᠦ ᠦᠬᠡᠢ ᠪᠠᠶᠢᠵᠦ᠄ ᠤᠷᠢᠳᠤ ᠨᠢ ᠶᠠᠳᠠᠭᠤ ᠶᠢ ᠲᠡᠳᠬᠦᠵᠦ ᠪᠠᠶᠢᠬᠤ ᠳᠤ᠂ ᠵᠤᠭᠤᠰ᠂ ᠠᠮᠤ ᠪᠤᠳᠠᠭ᠎ᠠ᠂ ᠲᠠᠷᠢᠶᠠᠯᠠᠩ ᠤᠨ ᠬᠡᠷᠡᠭᠰᠡᠯ ᠦᠭᠴᠦ ᠪᠠᠶᠢᠬᠰᠠᠨ᠃ ᠤᠳᠤ ᠲᠤᠰᠬᠠᠢ ᠮᠡᠷᠬᠡᠵᠢᠯᠳᠡᠨ ᠦᠭᠴᠢᠬᠡᠵᠡᠢ︕ ᠲᠡᠷᠡ ᠭᠠᠵᠠᠷ ᠲᠡᠭᠡᠷ᠎ᠠ ᠠᠯᠳᠠ ᠤᠷᠭᠤᠭᠤᠯᠴᠢᠬᠠᠨ᠎ᠠ ᠤᠤ︖ ᠬᠡᠵᠦ ᠶᠠᠷᠢᠵᠦ ᠪᠠᠶᠢᠪᠠ᠃

 ᠢᠤᠢ ᠰᠢᠤᠢ ᠫᠢᠩ ᠲᠤᠰᠬᠤᠨ ᠳᠤ ᠨᠢᠬᠡ ᠰᠠᠷ᠎ᠠ ᠰᠠᠭᠤᠬᠰᠠᠨ᠎ ᠤ ᠲᠠᠷᠠᠭ᠎ᠠ᠂ ᠲᠤᠰᠬᠤᠨ ᠤ ᠨᠠᠮ ᠲᠤᠤᠷ᠎ᠠ ᠬᠤᠲᠤᠭᠤᠷ ᠭᠠᠵᠠᠷ ᠲᠤ ᠬᠢᠳᠠᠳ ᠡᠮ ᠤᠨ ᠮᠠᠲ᠋ᠧᠷᠢᠶᠠᠯ ᠰᠢᠷ᠎ᠠ ᠵᠦᠷᠦᠷ᠎ᠠ ᠲᠠᠷᠢᠬᠤ ᠳᠤ ᠬᠠᠮᠤᠬ ᠲᠤᠬᠢᠷᠠᠨ᠎ᠠ ᠬᠡᠵᠦ ᠦᠵᠡᠪᠡ᠃

 ᠡᠶᠢᠨᠬᠦ᠂ ᠤᠷᠢᠳᠤ ᠨᠢ ᠪᠤᠵᠠᠷ ᠡᠪᠡᠰᠤ᠂ ᠪᠤᠳᠠᠯᠢᠬ ᠮᠤᠳᠤ ᠤᠷᠭᠤᠳᠠᠬ ᠪᠠᠶᠢᠬᠰᠠᠨ ᠨᠠᠮ ᠲᠤᠤᠷ᠎ᠠ ᠬᠤᠳᠤᠭᠤᠷ ᠭᠠᠵᠠᠷ ᠲᠤ 500 ᠮᠦ ᠶᠢᠨ ᠰᠢᠷ᠎ᠠ ᠵᠦᠷᠦᠷ᠎ᠠ ᠲᠠᠷᠢᠵᠠᠢ᠃

 ᠬᠤᠶᠠᠷ ᠵᠢᠯ ᠤᠨ ᠲᠠᠷᠠᠭ᠎ᠠ᠂ ᠲᠤᠰᠬᠤᠨ ᠤ ᠠᠷᠠᠳ ᠵᠤᠪ ᠵᠤᠵᠠᠭᠠᠨ ᠠᠷᠠᠳ ᠤᠨ ᠵᠤᠭᠤᠰ ᠢ ᠲᠤᠭᠠᠯᠠᠵᠦ ᠠᠪᠬᠤ ᠦᠶ᠎ᠠ ᠳᠤ᠂ ᠰᠡᠳᠬᠢᠯ ᠤᠨ ᠤᠬ ᠠᠴᠠ ᠪᠠᠨ᠄ ᠪᠢᠰᠢᠷᠡᠯ᠎ᠠ︕ ᠬᠡᠵᠦ ᠶᠠᠷᠢᠵᠦ ᠪᠠᠶᠢᠪᠠ᠃

 ᠰᠢ ᠱᠦᠵᠢ ᠪᠦᠬᠦ ᠮᠤᠵᠢ ᠶᠢᠨ ᠲᠡᠶᠢᠮᠦ ᠤᠯᠠᠨ ᠲᠤᠮᠤ ᠶᠠᠪᠤᠳᠠᠯ ᠳᠤ ᠰᠡᠳᠬᠢᠯ ᠢᠶᠠᠨ ᠵᠦᠳᠡᠭᠡᠵᠦ ᠪᠠᠶᠢᠭᠠᠳ᠂ ᠮᠢᠨᠤ ᠰᠢᠶᠠ ᠵᠢᠶᠠᠩ ᠲᠤᠰᠬᠤᠨ ᠳᠤ ᠰᠠᠭᠤᠵᠤ ᠵᠢᠯᠤᠭᠤᠲᠤᠯᠭ᠎ᠠ ᠬᠢᠭᠰᠡᠨ ᠪᠠᠭ᠎ᠠ ᠤᠴᠢᠷ ᠢ ᠴᠤ ᠠᠩᠬᠠᠷᠴᠤ ᠰᠠᠨᠠᠭᠠᠯᠵᠠᠵᠦ ᠪᠠᠶᠢᠬᠰᠠᠨ ᠢ ᠪᠤᠳᠤᠵᠦ ᠤᠯᠤᠬᠰᠠᠨ ᠦᠬᠡᠢ ᠬᠡᠵᠦ ᠮᠦᠨᠬᠦ ᠲᠤᠰᠬᠤᠨ ᠳᠤ ᠶᠠᠭᠠᠷᠠᠬᠰᠠᠭᠠᠷ ᠪᠠᠶᠢᠬᠤ ᠢᠤᠢ ᠰᠢᠤᠢ ᠫᠢᠩ ᠰᠤᠷᠪᠤᠯᠵᠢᠯᠠᠬᠴᠢ ᠳᠤ ᠲᠤᠬᠳᠤᠯᠤᠨ ᠶᠠᠷᠢᠪᠠ᠃

 2005 ᠤᠨ ᠤ 3 ᠰᠠᠷ᠎ᠠ ᠶᠢᠨ 22᠎ ᠤᠨ ᠡᠳᠦᠷ᠂ ᠰᠢ ᠶᠢᠨ ᠫᠢᠩ ᠲᠠᠬᠢᠨᠳᠠ ᠰᠢᠶᠠ ᠵᠢᠶᠠᠩ ᠲᠤᠰᠬᠤᠨ ᠳᠤ ᠢᠷᠡᠪᠡ᠃ ᠲᠡᠷᠡ᠂ ᠰᠢᠷ᠎ᠠ ᠵᠦᠷᠦᠷ᠎ᠠ ᠶᠢᠨ ᠰᠠᠭᠤᠷᠢᠨ ᠢ ᠦᠵᠡᠶ᠎ᠠ ᠬᠡᠵᠦ ᠲᠤᠷᠠᠳᠴᠠᠢ᠃

 ᠰᠢ ᠶᠢᠨ ᠫᠢᠩ ᠰᠠᠭᠤᠷᠢᠨ ᠳᠤ ᠢᠷᠡᠵᠦ᠂ ᠨᠢᠬᠡ ᠲᠠᠯ᠎ᠠ ᠪᠠᠷ ᠰᠢᠷ᠎ᠠ ᠵᠦᠷᠦᠷ᠎ᠠ ᠶᠢᠨ ᠤᠷᠭᠤᠴᠠ ᠶᠢ ᠦᠵᠡᠵᠦ᠂ ᠨᠦᠬᠦᠬᠡ ᠲᠠᠯ᠎ᠠ ᠪᠠᠷ ᠢᠤᠢ ᠰᠢᠤᠢ ᠫᠢᠩ ᠠᠴᠠ ᠡᠨᠡ ᠡᠮ ᠤᠨ ᠮᠠᠲ᠋ᠧᠷᠢᠶᠠᠯ ᠤᠨ ᠴᠢᠨᠠᠷ ᠶᠠᠮᠠᠷ ᠵᠡᠷᠬᠡ ᠪᠤᠢ︖ ᠲᠤᠰᠬᠤᠨ ᠤ ᠠᠷᠠᠳ ᠰᠤᠷᠬᠤ ᠳᠤ ᠠᠮᠠᠷᠬᠠᠨ ᠤᠤ ᠬᠦᠴᠢᠷ ᠤᠤ︖ ᠪᠤᠷᠤᠯᠠᠭᠤᠯᠭ᠎ᠠ ᠶᠢᠨ ᠪᠠᠶᠢᠳᠠᠯ ᠰᠠᠶᠢᠨ ᠤᠤ︖ ᠁ ᠬᠡᠵᠦ ᠠᠰᠠᠭᠤᠵᠦ ᠪᠠᠶᠢᠯ᠎ᠠ᠃

 ᠡᠷᠦᠬᠡ ᠪᠤᠯᠭᠠᠨ ᠡᠮ ᠤᠨ ᠮᠠᠲ᠋ᠧᠷᠢᠶᠠᠯ ᠲᠠᠷᠢᠬᠤ ᠪᠠᠷ ᠲᠠᠮᠵᠢᠵᠦ᠂ 4000 ᠢᠯᠡᠬᠦᠦ ᠲᠦᠬᠦᠷᠢᠭ ᠤᠨ ᠤᠷᠤᠯᠭ᠎ᠠ ᠲᠠᠢ ᠪᠤᠯᠤᠬᠰᠡᠨ ᠢ ᠮᠡᠳᠡᠭᠰᠡᠨ ᠤ ᠲᠠᠷᠠᠭ᠎ᠠ᠂ ᠰᠢ ᠶᠢᠨ ᠫᠢᠩ ᠢᠤᠢ ᠰᠢᠤᠢ ᠫᠢᠩ ᠤᠨ ᠮᠦᠷᠦ ᠶᠢ ᠲᠠᠪᠰᠢᠵᠦ᠄ ᠰᠠᠶᠢᠨ ᠬᠢᠵᠡᠢ︕ ᠴᠢ ᠭᠠᠪᠢᠶ᠎ᠠ ᠲᠠᠢ︕ ᠬᠡᠵᠦ ᠶᠠᠷᠢᠪᠠ᠃

 ᠰᠢ ᠶᠢᠨ ᠫᠢᠩ ᠬᠠᠮᠳᠤ ᠶᠠᠪᠤᠬᠰᠠᠨ ᠮᠤᠵᠢ ᠶᠢᠨ ᠨᠦᠬᠦᠳ ᠲᠤ᠄ ᠵᠢᠭᠠᠰᠤ ᠦᠭᠬᠦ ᠨᠢ ᠵᠢᠭᠠᠰᠤ ᠠᠩᠨᠠᠬᠤ ᠶᠢ ᠵᠢᠭᠠᠵᠦ ᠦᠭᠭᠦ ᠶᠢ ᠬᠦᠷᠬᠦ ᠦᠬᠡᠢ᠃ ᠤᠨᠴᠠ ᠲᠤᠮᠢᠯᠠᠬᠴᠢ᠂ ᠵᠢᠯᠤᠭᠤᠳᠤᠬᠴᠢ ᠶᠢᠨ ᠲᠦᠷᠢᠮ ᠢ ᠲᠠᠰᠤᠷᠠᠯᠳᠠ ᠦᠬᠡᠢ ᠲᠡᠬᠦᠯᠳᠡᠷᠵᠢᠬᠦᠯᠦᠨ᠂ ᠭᠤᠤᠯᠳᠠᠯᠭ᠎ᠠ ᠶᠢ ᠲᠤᠷᠤᠬᠰᠢ ᠰᠢᠯᠵᠢᠬᠦᠯᠬᠦ ᠶᠢ ᠦᠨᠡᠨᠬᠦ ᠪᠡᠶᠡᠯᠡᠬᠦᠯᠬᠦ ᠬᠡᠷᠡᠭᠳᠡᠢ᠃ ᠬᠤᠶᠢᠰᠢᠳᠠ᠂ ᠪᠦᠬᠦ ᠮᠤᠵᠢ ᠶᠢᠨ ᠲᠤᠰᠬᠤᠨ ᠪᠦᠷᠢ ᠳᠤ ᠲᠤᠰᠬᠤᠨ ᠳᠤ ᠰᠠᠭᠤᠭ᠎ᠠ ᠵᠢᠯᠤᠭᠤᠳᠤᠬᠴᠢ ᠲᠤᠮᠢᠯᠠᠨ ᠰᠠᠭᠤᠯᠭᠠᠨ᠎ᠠ ᠬᠡᠵᠦ ᠶᠠᠷᠢᠪᠠ᠃

 ᠲᠡᠮᠡᠢ ᠤᠳᠠᠬᠰᠠᠨ ᠦᠬᠡᠢ᠂ ᠲᠤᠰᠬᠤᠨ ᠳᠤ ᠰᠠᠭᠤᠭ᠎ᠠ ᠵᠢᠯᠤᠭᠤᠳᠤᠬᠴᠢ ᠵᠧᠵᠢᠶᠠᠩ ᠤᠨ 3 ᠲᠦᠮᠡ ᠢᠯᠡᠬᠦᠦ ᠲᠤᠰᠬᠤᠨ ᠳᠤ ᠪᠠᠭᠤᠪᠠ᠃

 ᠲᠤᠰᠬᠤᠨ ᠳᠤ ᠰᠠᠭᠤᠭ᠎ᠠ ᠵᠢᠯᠤᠭᠤᠳᠤᠬᠴᠢ ᠶᠢᠨ ᠬᠠᠪᠰᠤᠷᠤᠯᠭ᠎ᠠ ᠲᠤᠤᠷ᠎ᠠ᠂ ᠰᠢᠶᠠ ᠵᠢᠶᠠᠩ ᠲᠤᠰᠬᠤᠨ ᠵᠢᠭᠠᠰᠤ ᠠᠩᠨᠠᠬᠤᠡᠨᠡᠬᠦ ᠶᠠᠪᠤᠳᠠᠯ ᠢ ᠬᠢᠯᠠᠷᠠᠳᠠᠯ᠎ᠠ ᠬᠢᠭᠰᠡᠨ ᠪᠠᠶᠢᠪᠠ —

 ᠲᠤᠰᠬᠤᠨ ᠤ ᠬᠤᠶᠢᠳᠤ ᠳᠠᠬᠢ ᠵᠠᠭᠤᠨ ᠮᠦ ᠦᠵᠦᠮ ᠤᠨ ᠬᠦᠷᠢᠶᠡᠯᠡᠩ ᠳᠤ ᠤᠷᠤᠪᠠᠯ᠂ ᠡᠬᠦᠳᠡᠨ ᠲᠡᠭᠡᠷᠡᠬᠢ 4 ᠮᠧᠲᠷ ᠢᠯᠡᠬᠦᠦ ᠦᠨᠳᠦᠷ ᠲᠤᠮᠤ ᠮᠤᠳᠤᠨ ᠢᠯᠡᠷᠬᠡᠶᠢᠯᠡᠯ ᠲᠡᠭᠡᠷ᠎ᠠ᠂ ᠵᠧᠵᠢᠶᠠᠩ ᠮᠤᠵᠢ ᠶᠢᠨ ᠬᠦᠳᠡᠭᠡ ᠠᠵᠦ ᠠᠬᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠦᠵᠦᠮ ᠤᠨ ᠵᠢᠱᠢᠶ᠎ᠠ ᠦᠵᠡᠬᠦᠯᠬᠦ ᠰᠠᠭᠤᠷᠢᠨ ᠮᠡᠷᠬᠡᠵᠢᠯ ᠳᠤ ᠲᠦᠰᠢᠭᠯᠡᠭᠰᠡᠨ ᠦᠵᠦᠮ ᠤᠨ ᠲᠡᠷᠢᠬᠦᠨ ᠲᠤᠰᠬᠠᠢ ᠮᠡᠷᠬᠡᠵᠢᠯᠳᠡᠨ᠄ ᠦ᠋ ᠵᠢᠶᠠᠩ ᠰᠤᠳᠤᠯᠤᠬᠴᠢ ᠬᠡᠵᠦ ᠲᠤᠷᠠᠶᠢᠳᠠᠯ᠎ᠠ ᠪᠢᠴᠢᠭᠰᠡᠨ ᠪᠠᠶᠢᠪᠠ᠃

 ᠬᠦᠷᠢᠶᠡᠯᠡᠩ ᠲᠤᠭᠤᠷᠢᠭ ᠲᠤ ᠤᠷᠤᠪᠠᠯ᠂ ᠬᠦᠷᠢᠶᠡᠯᠡᠩ ᠤᠨ ᠡᠵᠡᠨᠳᠡᠨ ᠯᠢᠤᠢ ᠴᠧᠩ ᠯᠢ ᠰᠤᠷᠪᠤᠯᠵᠢᠯᠠᠬᠴᠢ ᠳᠤ ᠦ᠋ ᠵᠢᠶᠠᠩ ᠤᠨ ᠠᠪᠴᠢᠷᠠᠬᠰᠠᠨ ᠲᠡᠭᠡᠳᠤ ᠰᠢᠨᠵᠢᠯᠡᠬᠦ ᠤᠬᠠᠭᠠᠨ ᠮᠡᠷᠬᠡᠵᠢᠯ ᠢ ᠲᠡᠯᠬᠡᠨ ᠦᠵᠡᠬᠦᠯᠪᠡ᠄ ᠭᠠᠷ ᠤᠳᠠᠰᠤ ᠶᠢ ᠨᠢᠬᠡ ᠲᠤᠪᠴᠢᠳᠠᠮᠠᠬᠴᠠ᠂ ᠦᠵᠦᠮ ᠤᠨ ᠬᠦᠯᠡᠮᠵᠢ ᠶᠢᠨ ᠰᠦᠯᠢᠶᠤᠤ ᠶᠢ ᠠᠦ᠋ᠲ᠋ᠤᠴᠢᠯᠠᠨ ᠤᠷᠢᠶᠠᠴᠢᠬᠠᠪᠠ᠃ ᠯᠢᠤᠢ ᠴᠧᠩ ᠯᠢ᠄ ᠬᠦᠮᠦᠨ ᠤ ᠬᠦᠴᠦ ᠪᠠᠷ ᠬᠢᠪᠡᠯ᠂ ᠨᠠᠭᠠᠳᠤ ᠵᠠᠬ᠎ᠠ ᠨᠢ 3 ᠴᠠᠬ ᠤᠷᠤᠨ᠎ᠠ ᠬᠡᠪᠡ᠃ ᠤᠷᠴᠢᠨ ᠲᠤᠭᠤᠷᠢᠨ ᠬᠡᠬᠦ ᠰᠤᠩᠭᠤᠯᠳᠠ ᠶᠢᠨ ᠦᠰᠦᠭ ᠢ ᠲᠤᠪᠴᠢᠳᠠᠬᠤ ᠳᠤ᠂ ᠬᠦᠯᠡᠮᠵᠢ ᠶᠢᠨ ᠲᠤᠯᠠᠭᠠᠨ ᠤ ᠬᠡᠮᠵᠢᠶ᠎ᠠ᠂ ᠴᠢᠭᠢᠭ ᠤᠨ ᠬᠡᠮᠵᠢᠶ᠎ᠠ ᠵᠡᠷᠬᠡ ᠲᠤᠭ᠎ᠠ ᠪᠠᠷᠢᠮᠳᠠ ᠲᠤᠪ ᠲᠤᠳᠤᠷᠬᠠᠢ ᠢᠯᠡᠷᠡᠵᠡᠢ᠃ ᠲᠤᠯᠠᠭᠠᠨ ᠤ ᠬᠡᠮᠵᠢᠶ᠎ᠠ᠂ ᠴᠢᠬᠢᠭ ᠤᠨ ᠬᠡᠮᠵᠢᠶ᠎ᠠ ᠨᠢ ᠲᠤᠬᠢᠷᠠᠮᠵᠢᠳᠠᠢ ᠪᠢᠰᠢ ᠦᠶ᠎ᠠ ᠳᠤ᠂ ᠭᠠᠷ ᠤᠳᠠᠰᠤᠨ ᠲᠡᠭᠡᠷ᠎ᠠ ᠰᠢᠭᠤᠳ ᠡᠵᠡᠮᠳᠡᠵᠦ ᠲᠤᠬᠢᠷᠠᠭᠤᠯᠵᠦ ᠪᠤᠯᠳᠠᠬ᠃ ᠦ᠋ ᠵᠢᠶᠠᠩ ᠰᠤᠳᠤᠯᠤᠬᠴᠢ ᠪᠠᠰᠠ ᠪᠢᠳᠡᠨ ᠤ ᠤᠯᠠᠨ ᠵᠦᠢᠯ ᠤᠨ ᠲᠠᠷᠢᠮᠠᠯ ᠲᠠᠷᠢᠬᠤ ᠶᠢ ᠵᠢᠯᠤᠭᠤᠳᠴᠤ᠂ ᠤᠳᠤ ᠦᠵᠦᠮ ᠲᠡᠬᠦᠬᠦ ᠴᠠᠬ ᠬᠤᠭᠤᠴᠠᠭ᠎ᠠ 7 ᠰᠠᠷ᠎ᠠ ᠠᠴᠠ 11 ᠰᠠᠷ᠎ᠠ ᠪᠤᠯᠳᠠᠯ᠎ᠠ ᠤᠷᠳᠤᠰᠴᠤ᠂ ᠦᠵᠦᠮ ᠲᠡᠬᠦᠬᠦ ᠵᠤᠭᠠᠴᠠᠯ ᠤᠨ ᠬᠤᠭᠤᠴᠠᠭ᠎ᠠ ᠶᠢ ᠶᠡᠬᠡᠬᠡᠨ ᠤᠷᠳᠤᠳᠬᠠᠬᠰᠠᠨ ᠬᠡᠵᠦ ᠯᠢᠤᠢ ᠴᠧᠩ ᠯᠢ ᠶᠠᠷᠢᠪᠠ᠃

 ᠦᠨᠦᠳᠦᠷ᠂ ᠰᠢᠶᠠ ᠵᠢᠶᠠᠩ ᠲᠤᠰᠬᠤᠨ ᠳᠤ ᠨᠡᠯᠢᠶᠡᠳ ᠪᠦᠷᠢᠨ ᠲᠦᠬᠦᠷ ᠠᠵᠥ ᠦᠢᠯᠡᠰ ᠤᠨ ᠬᠡᠯᠬᠢᠶᠡᠵᠢᠨ — ᠰᠢᠯᠢᠳᠡᠭ ᠦᠷ᠎ᠡ ᠶᠢᠨ ᠢᠷᠡᠯᠳᠡ᠂ ᠲᠡᠷᠢᠮᠡᠯ ᠤᠨ ᠰᠠᠭᠤᠷᠢᠨ᠂ ᠭᠠᠳᠠᠭᠰᠢ ᠪᠤᠷᠤᠯᠠᠭᠤᠯᠬᠤ ᠠᠷᠭ᠎ᠠ ᠵᠠᠮ ᠪᠦᠷᠢᠯᠳᠦᠭᠰᠡᠡ ᠪᠦᠭᠡᠳ ᠨᠡᠯᠢᠶᠡᠳ ᠰᠢᠰᠲ᠋ᠧᠮ ᠲᠠᠢ ᠬᠠᠪᠰᠤᠷᠤᠯᠴᠠᠭ᠎ᠠ ᠪᠠᠶᠢᠭᠤᠯᠵᠤ ᠬᠠᠪᠰᠤᠷᠤᠨ ᠲᠡᠳᠬᠦᠬᠦ ᠲᠦᠷᠢᠮ ᠢ ᠪᠦᠷᠢᠯᠳᠦᠭᠦᠯᠦᠭᠰᠡᠨ ᠪᠠᠶᠢᠨ᠎ᠠ᠃

 ᠲᠤᠰᠬᠤᠨ ᠤ ᠴᠢᠯᠠᠭᠤᠨ ᠭᠤᠯᠳᠤᠩ ᠬᠦᠬᠦᠷᠬᠡ ᠶᠢᠨ ᠲᠡᠷᠬᠡᠳᠡ᠂ ᠨᠢᠬᠡᠨ ᠵᠠᠯᠠᠭᠤ ᠤᠯᠠᠭᠠᠨ ᠮᠠᠯᠠᠭᠠᠢ ᠵᠡᠬᠦᠭᠰᠡᠡ ᠨᠢᠭᠡ ᠪᠦᠯᠦᠭ ᠬᠦᠮᠦᠨ ᠳᠤ ᠹᠧᠩ ᠯᠢᠨ ᠭᠠᠩ ᠤᠨ ᠲᠤᠮᠤᠭ ᠢ ᠶᠠᠷᠢᠵᠤ ᠦᠭᠴᠤ ᠪᠠᠶᠢᠯ᠎ᠠ᠃ ᠲᠡᠬᠦᠨ ᠢ ᠰᠢᠶᠧ ᠯᠢᠨ ᠬᠤᠤ ᠬᠡᠳᠡᠭ᠂ ᠴᠦᠨ ᠠᠨ ᠰᠢᠶᠠᠨ ᠤ ᠴᠢᠶᠠᠨ ᠳ᠋ᠤᠤ ᠬᠤ᠋ ᠨᠠᠭᠤᠷ ᠤᠨ ᠦᠵᠡᠮᠵᠢ ᠶᠢᠨ ᠤᠷᠤᠨ ᠤ ᠵᠤᠭᠠᠴᠠᠯ ᠤᠨ ᠵᠦᠪᠯᠡᠯ ᠤᠨ ᠰᠢᠶᠠ ᠵᠢᠶᠠᠩ ᠲᠤᠰᠬᠤᠨ ᠳᠤ ᠲᠤᠮᠢᠯᠠᠵᠥ ᠬᠠᠪᠰᠤᠷᠤᠯᠴᠠᠭ᠎ᠠ ᠪᠠᠶᠢᠭᠤᠯᠵᠤ ᠬᠠᠪᠰᠤᠷᠤᠨ ᠲᠡᠳᠬᠦᠬᠦ ᠠᠵᠢᠯ ᠦᠷᠨᠢᠬᠦᠯᠵᠥ ᠪᠠᠶᠢᠭ᠎ᠠ ᠲᠤᠰᠬᠤᠨ ᠳᠤ ᠰᠠᠭᠤᠭ᠎ᠠ ᠨᠢᠬᠡᠳᠤᠭᠡᠷ ᠲᠡᠳ᠋ ᠱᠦᠵᠢ ᠪᠤᠯᠤᠨ᠎ᠠ᠃ ᠲᠠᠷᠢᠶᠠᠴᠢᠨ ᠠᠶᠢᠯ ᠤᠨ ᠪᠠᠶᠠᠰᠤᠯ ᠤᠨ ᠡᠵᠡᠨᠳᠡᠨ ᠱᠧᠨ ᠱᠤᠤ ᠨᠠᠨ ᠰᠤᠷᠪᠤᠯᠵᠢᠯᠠᠭᠴᠢ ᠳᠤ᠄ ᠰᠢᠶᠧ ᠱᠦᠵᠢ ᠵᠤᠭᠠᠴᠠᠯ ᠤᠨ ᠡᠵᠡᠩᠨᠡᠯᠳᠡ ᠪᠤᠷᠤᠯᠠᠭᠤᠯᠭ᠎ᠠ ᠶᠢ ᠰᠠᠶᠢᠨ ᠮᠡᠳᠡᠨ᠎ᠡ᠂ ᠰᠠᠷ᠎ᠠ ᠪᠤᠯᠭᠠᠨ ᠲᠤᠰᠬᠤᠨ ᠳᠤ ᠮᠠᠰᠢ ᠤᠯᠠᠨ ᠵᠤᠭᠠᠴᠠᠭᠴᠢ ᠶᠢ ᠲᠠᠭᠠᠭᠤᠯᠵᠥ ᠢᠷᠡᠳᠡᠭ ᠶᠤᠮ ᠬᠡᠵᠥ ᠬᠡᠯᠡᠪᠡ᠃

 ᠰᠤᠷᠪᠤᠯᠵᠢᠯᠠᠭᠴᠢ ᠶᠢᠨ ᠤᠢᠢᠯᠠᠭᠠᠭᠰᠠᠠ ᠢᠶᠠᠷ᠂ ᠰᠢᠶᠧ ᠯᠢᠨ ᠬᠤᠤ ᠨᠢᠳᠤᠨᠤᠨ ᠰᠢᠶᠠ ᠵᠢᠶᠠᠩ ᠲᠤᠰᠬᠤᠨ ᠳᠤ ᠨᠢᠭᠡ ᠲᠦᠮᠡ ᠭᠠᠷᠤᠢ ᠵᠤᠭᠠᠴᠠᠭᠴᠢ ᠶᠢ ᠳᠠᠭᠠᠭᠤᠯᠵᠤ ᠢᠷᠡᠭᠰᠡᠨ ᠪᠠᠶᠢᠨ᠎ᠠ᠃

 ᠦᠵᠤᠮ ᠤᠨ ᠬᠦᠷᠢᠶᠡᠯᠡᠩ ᠳᠤ᠂ ᠬᠠᠮᠤᠭ ᠰᠡᠬᠦᠯᠴᠢ ᠶᠢᠨ ᠨᠢᠭᠡ ᠪᠦᠯᠦᠭ ᠦᠵᠦᠮ ᠢ ᠰᠦᠷᠦ ᠠᠴᠠ ᠨᠢ ᠪᠠᠭᠤᠯᠭᠠᠬᠤ ᠪᠤᠯᠤᠭᠰᠠᠨ ᠢᠶᠠᠷ ᠵᠢᠶᠠᠩ ᠯᠥ ᠬᠤᠸᠠ ᠶᠢᠨ ᠨᠢᠭᠤᠷ ᠴᠢᠷᠠᠢ ᠳᠤ ᠪᠠᠶᠠᠷ ᠪᠠᠶᠠᠰᠤᠯ ᠤᠨ ᠰᠢᠨᠵᠢ ᠲᠤᠳᠤᠷᠠᠨ᠎ᠠ᠃ ᠰᠢᠶᠠᠨ ᠤ ᠲᠠᠷᠢᠶᠠᠯᠠᠩ ᠤᠨ ᠲᠤᠪᠴᠢᠶᠠᠨ ᠤ ᠵᠢᠮᠢᠰ ᠤᠨ ᠦᠷᠳᠡᠭᠡ ᠠᠴᠠ ᠰᠢᠶᠠ ᠵᠢᠶᠠᠩ ᠲᠤᠰᠬᠤᠨ ᠢ ᠬᠠᠪᠰᠤᠷᠤᠨ ᠳᠡᠳᠬᠦᠬᠦ ᠭᠡᠰᠢᠭᠦᠨ ᠤ ᠨᠢᠬᠡ ᠪᠤᠯᠬᠤ ᠵᠢᠶᠠᠩ ᠯᠥ ᠬᠤᠸᠠ ᠶᠢᠨ ᠭᠤᠤᠯ ᠡᠭᠦᠷᠭᠡ ᠨᠢ ᠵᠢᠮᠢᠰ ᠤᠨ ᠲᠠᠷᠢᠶᠠᠴᠢᠨ ᠪᠤᠯᠤᠨ ᠵᠠᠬ᠎ᠠ ᠲᠡᠯᠬᠡᠬᠦᠷ ᠢ ᠬᠠᠷᠢᠯᠴᠠᠨ ᠵᠤᠯᠭᠠᠭᠤᠯᠬᠤ ᠶᠠᠪᠤᠳᠠᠯ ᠪᠤᠯᠤᠨ᠎ᠠ᠃ ᠵᠢᠶᠠᠩ ᠵᠢᠯᠤᠭᠤᠳᠤᠭᠴᠢ ᠪᠠᠶᠢᠭᠰᠠᠠ ᠢᠶᠠᠷ ᠲᠤᠰᠬᠤᠨ ᠤ ᠦᠵᠤᠮ ᠢᠶᠠᠨ ᠵᠢᠯ ᠪᠤᠯᠭᠠᠨ ᠪᠦᠬᠦᠨ ᠢ ᠬᠤᠳᠠᠯᠳᠤᠭᠠᠳ ᠭᠠᠷᠭᠠᠴᠢᠬᠠᠨ᠎ᠠ ᠬᠡᠵᠥ ᠦᠵᠦᠮ ᠤᠨ ᠬᠦᠷᠢᠶᠡᠯᠡᠩ ᠳᠤ ᠠᠵᠢᠯᠯᠠᠵᠤ ᠪᠠᠶᠢᠭ᠎ᠠ ᠲᠤᠰᠬᠤᠨ ᠤ ᠠᠷᠠᠳ ᠴᠧᠨ ᠭᠠᠨ ᠨᠠ ᠶᠠᠷᠢᠵᠥ ᠪᠠᠶᠢᠯ᠎ᠠ᠃

 (ᠭᠤᠷᠪᠠ) ᠠᠷᠠᠳ ᠲᠦᠮᠡᠨ ᠢ ᠪᠤᠳᠤᠬᠤ ᠦᠭᠡᠢ ᠬᠦᠮᠦᠰ ᠪᠢᠳᠠᠬᠡᠢ ᠲᠠᠷᠤᠭ᠎ᠠ ᠰᠠᠭᠤ᠃ ᠨᠠᠮ ᠤᠨ ᠬᠡᠰᠢᠬᠦᠨ ᠺᠠᠳ᠋ᠷ ᠦᠢᠯᠡᠳᠪᠤᠷᠢᠯᠡᠯ ᠢ ᠬᠦᠭᠵᠢᠬᠦᠯᠬᠦ ᠲᠠᠭᠠᠭᠤᠯᠤᠭᠴᠢ ᠪᠤᠯᠵᠤ᠂ ᠰᠢᠨ᠎ᠡ ᠰᠤᠷᠳᠠᠯ ᠢ ᠪᠠᠳᠠᠷᠠᠭᠤᠯᠬᠤ ᠵᠢᠱᠢᠶᠡᠴᠢ ᠪᠤᠯᠵᠥ᠂ ᠡᠶ᠎ᠡ ᠵᠤᠬᠢᠴᠠᠯ ᠢ ᠬᠦᠳᠦᠯᠦᠨ ᠠᠬᠢᠭᠤᠯᠤᠭᠴᠢ ᠪᠤᠯᠵᠥ᠂ ᠤᠯᠠᠨ ᠲᠦᠮᠡᠨ ᠤ ᠰᠡᠳᠬᠢᠯ ᠤᠨ ᠬᠦᠮᠥᠨ ᠪᠤᠯᠬᠤ ᠬᠡᠷᠡᠭᠳᠡᠢ᠃

 ᠦᠨᠡᠬᠡᠷ ᠡᠶᠡᠯᠰᠡᠭ ᠲᠤᠳᠤᠨᠤ᠂ ᠶᠠᠭ ᠮᠠᠨ ᠤ ᠠᠬ᠎ᠠ ᠬᠡᠮᠡᠷ᠃ ᠡᠨᠡ ᠪᠤᠯ ᠶᠡᠷᠤᠩᠬᠡᠢ ᠱᠦᠵᠢ ᠰᠢ ᠶᠢᠨ ᠫᠢᠩ ᠤᠨ ᠲᠤᠰᠬᠤᠨ ᠤ ᠠᠷᠠᠳ ᠲᠤ ᠦᠭᠬᠦᠭᠰᠡᠡ ᠰᠠᠭᠤᠭᠳᠠᠯ ᠪᠤᠯᠤᠨ᠎ᠠ᠃

 ᠶᠡᠷᠦᠩᠬᠡᠢ ᠱᠦᠵᠢ ᠰᠢ ᠶᠢᠨ ᠫᠢᠩ ᠮᠠᠨ ᠤ ᠭᠡᠷ ᠲᠤ ᠠᠩᠬ᠎ᠠ ᠢᠷᠡᠬᠦ ᠳᠤ ᠪᠢ ᠶᠡᠭᠡ ᠰᠠᠨᠳᠤᠷᠴᠠᠢ᠃ ᠡᠶᠢᠮᠦ ᠶᠡᠭᠡ ᠤᠳᠤᠷᠢᠳᠤᠯᠭ᠎ᠠ ᠲᠠᠢ ᠠᠭᠤᠯᠵᠠᠬᠤ ᠵᠠᠪᠰᠢᠶᠠᠨ ᠬᠠᠮᠢᠭ᠎ᠠ ᠠᠴᠠ ᠪᠠᠶᠢᠬᠤ ᠪᠢᠯᠡ︖ ᠲᠡᠭᠦᠨ ᠢ ᠰᠠᠨᠳᠠᠯᠢ ᠳᠡᠭᠡᠷ᠎ᠠ ᠰᠠᠭᠤᠵᠤ ᠪᠠᠶᠢᠬᠤ ᠳᠤᠨᠢ ᠪᠢ ᠤᠰᠤ ᠬᠢᠵᠤ ᠦᠭᠭᠦᠨ᠎ᠠ ᠭᠡᠳ ᠬᠢᠴᠢᠶᠡᠮᠵᠢ ᠦᠭᠡᠢ ᠪᠠᠷ ᠪᠡᠶ᠎ᠠ ᠳᠡᠭᠡᠷ᠎ᠠ ᠨᠢ ᠤᠰᠤ ᠪᠠᠨ ᠠᠰᠬᠠᠴᠢᠬᠠᠵᠠᠢ᠃ ᠬᠠᠯᠠᠭᠤᠨ ᠤᠰᠤ ᠰᠢᠤ ᠳ᠋ᠠ᠂ ᠪᠢ ᠶᠠᠭᠠᠬᠢᠬᠤ ᠪᠠᠨ ᠤᠯᠵᠤ ᠶᠠᠳᠠᠵᠤ ᠪᠠᠶᠢᠳᠠᠯ᠎ᠠ ᠁ ᠶᠡᠷᠦᠩᠬᠡᠢ ᠱᠦᠵᠢ ᠰᠢ ᠶᠢᠨ ᠫᠢᠩ ᠬᠡ ᠬᠡ ᠭᠡᠵᠦ ᠢᠨᠢᠶᠡᠨ ᠬᠠᠮᠢᠶ᠎ᠠ ᠦᠭᠡᠢ᠂ ᠬᠠᠮᠢᠶ᠎ᠠ ᠦᠭᠡᠢ᠂ ᠮᠢᠨᠦ ᠡᠮᠦᠰᠦᠭᠰᠡᠨ ᠬᠤᠪᠴᠠᠰᠤ ᠨᠡᠯᠢᠶᠡᠳ ᠵᠤᠵᠠᠭᠠᠨ ᠶᠤᠮ ᠭᠡᠪᠡ ᠭᠡᠵᠤ ᠵᠢᠶᠠᠩ ᠳ᠋ᠧ ᠮᠢᠩ ᠶᠠᠷᠢᠵᠥ ᠪᠠᠶᠢᠯ᠎ᠠ᠃

 ᠬᠠᠯᠠᠭᠤᠨ ᠤᠰᠤ ᠪᠠᠷ ᠶᠡᠷᠦᠩᠬᠡᠢ ᠱᠦᠵᠢ ᠶᠢ ᠬᠠᠯᠠᠭᠠᠴᠢᠬᠠᠯ᠎ᠠ᠃ ᠪᠢ ᠶᠠᠭᠠᠬᠢᠭᠰᠠᠨ ᠪᠢᠳᠠᠭᠤᠯᠢᠭ ᠬᠦᠮᠦᠨ ᠪᠤᠢ︕ ᠭᠡᠵᠦ ᠶᠠᠷᠢᠯᠴᠠᠬᠤ ᠬᠤᠷᠠᠯ ᠲᠡᠭᠦᠰᠳᠡᠯ᠎ᠠ ᠨᠢ ᠪᠢ ᠪᠦᠷ ᠶᠡᠭᠡ ᠡᠪᠬᠦ᠋ᠢᠷᠡᠵᠥ ᠪᠠᠶᠢᠵᠠᠢ᠃ ᠶᠡᠷᠦᠩᠬᠡᠢ ᠱᠦᠵᠢ ᠮᠢᠨᠦ ᠪᠤᠳᠤᠯ ᠢ ᠮᠡᠳᠡᠭᠰᠡᠨ ᠪᠤᠯᠤᠯᠳᠠᠢ᠂ ᠮᠢᠨᠦ ᠭᠡᠷ ᠠᠴᠠ ᠶᠠᠪᠤᠬᠤ ᠦᠶᠡᠰ ᠲᠤ ᠵᠤᠷᠢᠭᠤᠳᠠ ᠨᠠᠮᠠᠢᠢ ᠳᠠᠭᠤᠳᠠᠭᠠᠳ ᠰᠡᠭᠦᠳᠡᠷ ᠳᠠᠳᠠᠭᠤᠯᠵᠤ ᠳᠤᠷᠠᠰᠬᠠᠯ ᠦᠯᠡᠳᠡᠭᠡᠪᠡ ᠭᠡᠵᠤ ᠲᠡᠷᠡ ᠬᠡᠯᠡᠪᠡ᠂ ᠵᠢᠶᠠᠩ ᠳ᠋ᠧ ᠮᠢᠩ ᠤᠨ ᠱᠤᠭᠳᠠᠢ ᠦᠯᠢᠭᠡᠷ᠎ ᠢ ᠰᠤᠨᠤᠰᠤᠭᠠᠳ ᠤᠯᠠᠨ ᠢᠶᠠᠷ ᠢᠶᠠᠨ ᠶᠡᠬᠡᠳᠡ ᠢᠨᠢᠶᠡᠯᠳᠤᠪᠡ᠃

 ᠶᠡᠷᠦᠩᠬᠡᠢ ᠱᠦᠵᠢ ᠰᠢ ᠶᠢᠨ ᠫᠢᠩ ᠮᠠᠨ ᠤ ᠡᠭᠡᠯ ᠠᠷᠠᠳ ᠲᠤ ᠦᠨᠡᠨ ᠰᠡᠳᠭᠢᠯ ᠠᠴᠠ ᠪᠠᠨ ᠬᠠᠨᠳᠤᠵᠤ᠂ ᠮᠠᠨ ᠤ ᠡᠭᠡᠯ ᠠᠷᠠᠳ ᠢ ᠦᠨᠡᠨ ᠰᠡᠳᠬᠢᠯ ᠠᠴᠠ ᠪᠠᠨ ᠬᠦᠨᠳᠦᠯᠡᠳᠡᠭ ᠶᠤᠮ ᠭᠡᠵᠤ ᠶᠡᠷᠦᠩᠬᠡᠢ ᠱᠦᠵᠢ ᠰᠢ ᠶᠢᠨ ᠫᠢᠩ ᠲᠠᠢ ᠤᠯᠠᠨᠳᠠ ᠬᠠᠷᠢᠯᠴᠠᠭᠰᠠᠨ ᠠᠬᠠᠮᠠᠳ ᠨᠠᠮ ᠤᠨ ᠡᠭᠦᠷ ᠤᠨ ᠱᠦᠵᠢ ᠵᠢᠶᠠᠩ ᠶᠢᠨ ᠰᠢᠶᠠᠩ ᠬᠡᠯᠡᠨ᠎ᠠ᠂ ᠲᠡᠷᠡ ᠪᠠᠰᠠ ᠶᠡᠷᠦᠩᠬᠡᠢ ᠱᠦᠵᠢ ᠰᠢ ᠶᠢᠨ ᠫᠢᠩ ᠲᠠᠢ ᠠᠭᠤᠯᠵᠠᠭᠰᠠᠨ ᠨᠢᠭᠡᠨ ᠶᠠᠪᠤᠳᠠᠯ ᠢᠶᠠᠨ ᠡᠷᠭᠢᠴᠡᠭᠦᠯᠦᠯ᠎ᠠ᠄

 2004 ᠤᠨ ᠤ 10 ᠰᠠᠷ᠎ᠠ ᠶᠢᠨ 4᠎ ᠤ ᠡᠳᠦᠷ᠂ ᠰᠢ ᠶᠢᠨ ᠫᠢᠩ ᠲᠦᠪ ᠤᠨ ᠤᠳᠤᠷᠢᠳᠬᠤ ᠨᠦᠬᠦᠷ ᠲᠤ ᠪᠠᠷ᠎ᠠ ᠪᠤᠯᠵᠤ ᠴᠦᠨ ᠠᠨ ᠰᠢᠶᠠᠨ ᠳᠤ ᠰᠢᠨᠵᠢᠯᠡᠨ ᠪᠠᠶᠢᠴᠠᠭᠠᠪᠠ᠃ ᠲᠤᠬᠠᠢ ᠶᠢᠨ ᠦᠶᠡᠰ ᠲᠤ ᠬᠡᠳᠦ᠋ᠢᠪᠡᠷ ᠨᠢᠭᠡᠨᠳᠡ ᠤᠷᠤᠢ ᠶᠢᠨ 9 ᠴᠠᠭ ᠪᠤᠯᠤᠭᠰᠠᠨ ᠪᠤᠯᠪᠠᠴᠤ ᠲᠡᠷᠡ ᠮᠦᠨ ᠠᠮᠠᠷᠠᠯ ᠦᠭᠡᠢ ᠪᠠᠷ ᠴᠠᠭ ᠢ ᠵᠠᠪᠳᠤᠨ ᠰᠢᠶᠠ ᠵᠢᠶᠠᠩ ᠲᠤᠰᠬᠤᠨ ᠤ ᠳᠠᠷᠠᠭᠠᠴᠢ ᠶᠢᠨ ᠠᠯᠬᠤᠮ ᠤᠨ ᠠᠵᠢᠯ ᠤᠨ ᠪᠠᠶᠢᠳᠠᠯ ᠢ ᠤᠢᠢᠯᠠᠭᠠᠬᠤ ᠬᠤᠷᠠᠯ ᠢ ᠡᠷᠬᠢᠯᠡᠨ ᠬᠤᠷᠠᠯᠳᠤᠭᠤᠯᠵᠠᠢ᠃

 ᠬᠦᠮᠦᠰ ᠪᠦᠷ ᠴᠤᠭᠯᠠᠷᠠᠭᠰᠠᠨ ᠤ ᠳᠠᠷᠠᠭ᠎ᠠ᠂ ᠡᠩ ᠲᠡᠷᠢᠭᠦᠨ ᠳᠤ ᠲᠡᠷᠡ᠄ ᠠᠭᠤᠴᠢᠯᠠᠭᠠᠷᠠᠢ᠂ ᠡᠶᠢᠮᠦ ᠤᠷᠤᠢ ᠪᠤᠯᠤᠭᠰᠠᠨ ᠪᠠᠶᠢᠬᠤ ᠳᠤ ᠪᠠᠰᠠ ᠲᠠᠨᠠᠷ ᠢ ᠳᠠᠭᠤᠳᠠᠵᠤ ᠠᠵᠢᠯ ᠶᠠᠷᠢᠯᠴᠠᠨ᠎ᠠ ᠭᠡᠯ᠎ᠠ ᠭᠡᠵᠤ ᠠᠭᠤᠴᠢᠯᠠᠯ ᠬᠦᠰᠡᠵᠤ ᠬᠡᠯᠡᠪᠡ᠃

 ᠰᠢᠶᠠᠨ ᠪᠤᠯᠤᠨ ᠪᠠᠯᠭᠠᠰᠤ ᠶᠢᠨ ᠭᠤᠤᠯ ᠤᠳᠤᠷᠢᠳᠤᠯᠭ᠎ᠠ ᠴᠦᠮ ᠤᠷᠤᠯᠴᠠᠭᠰᠠᠨ ᠲᠤᠯᠠ ᠵᠢᠶᠠᠩ ᠶᠢᠨ ᠰᠢᠶᠠᠩ ᠪᠤᠯᠤᠨ ᠲᠤᠰᠬᠤᠨ ᠤ ᠬᠡᠳᠦᠨ ᠺᠠᠳ᠋ᠷ ᠴᠦᠮ ᠳᠠᠳᠬᠠᠯ ᠢᠶᠠᠷ ᠬᠤᠶᠢᠭᠤᠷ ᠰᠢᠬ ᠰᠠᠭᠤᠵᠠᠢ᠃ ᠶᠡᠷᠦᠩᠬᠡᠢ ᠱᠦᠵᠢ ᠰᠢ ᠶᠢᠨ ᠫᠢᠩ ᠪᠠᠶᠢᠳᠠᠯ ᠢ ᠬᠠᠷᠠᠭᠠᠳ᠄ ᠨᠠᠰᠢ ᠪᠠᠨ ᠢᠷ᠎ᠠ᠂ ᠨᠠᠰᠢ ᠪᠠᠨ ᠢᠷ᠎ᠠ᠃ ᠲᠠᠨ ᠤ ᠬᠡᠳᠦᠭᠦᠯᠡ ᠰᠠᠶ᠋ᠢ ᠡᠨᠡ ᠡᠳᠦᠷ ᠤᠨ ᠬᠤᠷᠠᠯ ᠤᠨ ᠭᠤᠤᠯ ᠳᠦᠷᠢ ᠪᠤᠯᠤᠨ᠎ᠠ᠂ ᠠᠳᠡ ᠳᠤᠮᠳᠠ ᠨᠢ ᠰᠠᠭᠤᠪᠠᠯ ᠰᠠᠶ᠋ᠢ ᠲᠠᠭᠠᠷᠠᠨ᠎ᠠ᠃ ᠤᠯᠠᠨ ᠢᠶᠠᠷ ᠢᠶᠠᠨ ᠤᠢᠢᠷᠠᠬᠠᠨ ᠰᠠᠭᠤᠯᠴᠠᠶ᠎ᠠ᠂ ᠶᠠᠷᠢᠯᠴᠠᠬᠤ ᠳᠤ ᠳᠦᠭᠦᠮ ᠭᠡᠵᠤ ᠳᠤᠳᠤᠨᠤ ᠪᠠᠷ ᠭᠠᠷ ᠳᠠᠯᠠᠯᠤᠨ ᠬᠡᠯᠡᠵᠠᠢ᠃

 ᠵᠢᠶᠠᠩ ᠶᠢᠨ ᠰᠢᠶᠠᠩ᠄ ᠲᠡᠷᠡ ᠦᠶ᠎ᠠ ᠳᠤ ᠮᠢᠨᠦ ᠲᠤᠳᠤᠷ᠎ᠠ ᠬᠠᠯᠠᠭᠤᠨ ᠤᠷᠭᠢᠯᠵᠤ᠂ ᠶᠠᠭᠠᠬᠢᠬᠤ ᠶᠢᠨ ᠠᠷᠭ᠎ᠠ ᠦᠭᠡᠢ ᠳᠤᠭᠳᠤᠯᠵᠠᠢ ᠭᠡᠨ᠎ᠠ᠃

 2006 ᠤᠨ ᠤ 5 ᠰᠠᠷ᠎ᠠ ᠶᠢᠨ 25᠎ ᠤ ᠡᠳᠦᠷ᠂ ᠰᠢᠪᠡᠷᠡᠭᠡ ᠪᠤᠷᠤᠭᠠᠨ ᠤ ᠳᠤᠮᠳᠠᠭᠤᠷ᠂ ᠰᠢ ᠶᠢᠨ ᠫᠢᠩ ᠰᠢᠶᠠ ᠵᠢᠶᠠᠩ ᠲᠤᠰᠬᠤᠨ ᠳᠤ ᠪᠠᠰᠠ ᠨᠢᠭᠡᠨ ᠤᠳᠠᠭ᠎ᠠ ᠢᠷᠡᠪᠡ᠃

 ᠲᠤᠰᠬᠤᠨ ᠤ ᠬᠦᠷᠢ ᠲᠡᠵᠢᠭᠡᠬᠦ ᠲᠠᠰᠤᠬ ᠲᠤ᠂ ᠲᠡᠷᠡ ᠲᠤᠰᠬᠤᠨ ᠤ ᠠᠷᠠᠳ ᠤᠨ ᠬᠦᠷᠢ ᠲᠡᠵᠢᠭᠡᠵᠦ ᠪᠠᠶᠢᠬᠤ ᠪᠠᠶᠢᠳᠠᠯ ᠢ ᠨᠠᠷᠢᠯᠢᠬ ᠤᠢᠢᠯᠠᠭᠠᠵᠤ ᠪᠠᠶᠢᠯ᠎ᠠ᠃ ᠡᠨᠡ ᠦᠶᠡᠰ ᠲᠤ᠂ ᠵᠠᠷᠢᠮ ᠰᠤᠷᠪᠤᠯᠵᠢᠯᠠᠬᠴᠢ ᠵᠠᠪᠳᠤᠨ ᠰᠡᠭᠦᠳᠡᠷᠯᠡᠬᠦ ᠶᠢᠨ ᠲᠦᠯᠦᠭᠡ᠂ ᠬᠦᠷᠢ ᠶᠢᠨ ᠦᠷᠦᠭᠡ ᠶᠢᠨ ᠢᠯᠠᠮ᠎ᠠ ᠶᠢᠨ ᠨᠠᠪᠴᠢ ᠶᠢᠨ ᠵᠠᠪᠰᠠᠷ ᠢᠶᠠᠷ ᠬᠢᠰᠬᠢᠨ ᠤᠷᠤᠪᠠ᠃ ᠰᠢ ᠶᠢᠨ ᠫᠢᠩ ᠤᠯᠵᠤ ᠦᠵᠡᠭᠡᠳ ᠶᠠᠭᠠᠷᠠᠨ᠄ ᠵᠠᠯᠠᠭᠤ ᠡ᠂ ᠬᠦᠷᠢ ᠶᠢ ᠬᠢᠰᠬᠢᠬᠦ ᠠᠴᠠ ᠬᠢᠴᠢᠶᠡᠭᠡᠷᠡᠢ᠃ ᠲᠠᠷᠢᠶᠠᠴᠢᠳ ᠬᠦᠷᠢ ᠲᠡᠵᠢᠭᠡᠬᠦ ᠨᠢ ᠠᠮᠠᠷ ᠦᠭᠡᠢ ᠰᠢᠤ︕ᠭᠡᠵᠦ ᠰᠠᠨᠳᠤᠷᠤᠨ ᠬᠡᠯᠡᠪᠡ᠃

 ᠲᠤᠰᠬᠤᠨ ᠤ ᠨᠠᠮ ᠤᠨ ᠭᠡᠰᠢᠭᠦᠨ ᠤ ᠠᠵᠢᠯᠯᠠᠭ᠎ᠠ ᠶᠢᠨ ᠲᠠᠰᠤᠭ ᠲᠤ᠂ ᠰᠢ ᠶᠢᠨ ᠫᠢᠩ ᠤᠯᠠᠨ ᠲᠠᠢ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠲᠤᠬᠠᠢ ᠶᠠᠷᠢᠯᠴᠠᠪᠠ᠃ ᠲᠡᠷᠡ ᠡᠩ ᠲᠡᠷᠢᠭᠦᠨ ᠳᠤ ᠤᠯᠠᠨ ᠳᠤ ᠨᠢᠭᠡ ᠦᠯᠢᠭᠡᠷ ᠶᠠᠷᠢᠵᠤ ᠦᠭᠴᠡᠢ᠄ ᠨᠢᠭᠡᠨ ᠪᠤᠶᠢᠲᠠ ᠪᠦᠭᠯᠡᠭᠦᠦ ᠵᠢᠵᠢᠭ ᠲᠤᠰᠬᠤᠨ ᠪᠠᠶᠢᠵᠠᠢ᠂ ᠲᠤᠰᠬᠤᠨ ᠤ ᠨᠠᠮ ᠤᠨ ᠡᠭᠦᠷ ᠤᠨ ᠱᠦᠵᠢ ᠨᠢ ᠨᠢᠭᠡ ᠡᠳᠦᠷ ᠡᠪᠡᠳᠴᠢᠯᠡᠭᠰᠡᠨ ᠳᠤ᠂ ᠲᠤᠰᠬᠤᠨ ᠤ ᠠᠷᠠᠳ ᠨᠢ ᠨᠢᠭᠡ ᠯᠡ ᠡᠳᠦᠷ ᠲᠤ ᠰᠠᠶᠢᠨ ᠳᠤᠷ᠎ᠠ ᠠᠴᠠ ᠪᠠᠨ ᠬᠡᠳᠦᠨ ᠲᠦᠮᠡᠨ ᠲᠦᠭᠦᠷᠢᠭ ᠤᠨ ᠵᠤᠭᠤᠰ ᠴᠤᠭᠯᠠᠭᠤᠯᠵᠤ ᠲᠡᠭᠦᠨ ᠳᠤ ᠮᠡᠰᠡ ᠵᠠᠰᠠᠯ ᠬᠢᠯᠭᠡᠬᠦ ᠪᠠᠷ ᠪᠤᠯᠵᠠᠢ᠂ ᠲᠤᠰᠬᠤᠨ ᠤ ᠠᠷᠠᠳ ᠨᠢ ᠪᠤᠳᠠᠭ᠎ᠠ ᠭᠤᠶᠤᠵᠤ ᠶᠠᠪᠤᠭᠰᠠᠨ ᠴᠤ ᠲᠡᠭᠦᠨ ᠢ ᠵᠠᠪᠠᠯ ᠠᠪᠤᠷᠠᠨ᠎ᠠ ᠭᠡᠵᠡᠭᠡᠨ᠎ᠠ᠃ ᠲᠡᠷᠡ ᠪᠤᠯ ᠳᠠᠷᠤᠢ ᠶᠦᠩ ᠵᠢᠶᠠ ᠰᠢᠶᠠᠨ ᠤ ᠨᠢᠭᠡᠨ ᠨᠠᠮ ᠤᠨ ᠡᠭᠦᠷ ᠤᠨ ᠱᠦᠵᠢ ᠵᠧᠩ ᠵᠢᠦ ᠸᠠᠨ ᠨᠦᠬᠦᠷ ᠪᠤᠯᠤᠨ᠎ᠠ᠃ ᠡᠭᠦᠨ ᠳᠤ ᠲᠤᠬᠠᠢ ᠶᠢᠨ ᠭᠠᠵᠠᠷ ᠤᠨ ᠵᠠᠷᠢᠮ ᠺᠠᠳ᠋ᠷ ᠦᠪᠡᠷ ᠤᠨ ᠡᠷᠬᠡ ᠦᠭᠡᠢ ᠬᠡᠷᠪᠡ ᠪᠢ ᠡᠪᠡᠳᠴᠢᠯᠡᠴᠢᠬᠡᠪᠡᠯ᠂ ᠬᠡᠳᠦᠢ ᠲᠤᠰᠬᠤᠨ ᠤ ᠠᠷᠠᠳ ᠨᠠᠮᠠᠢᠢ ᠠᠪᠤᠷᠠᠬᠤ ᠪᠠᠷ ᠢᠷᠡᠳᠡᠭ ᠪᠢᠯᠡ︖ ᠭᠡᠮᠡᠨ ᠪᠤᠳᠤᠯᠭᠠᠰᠢᠷᠠᠵᠠᠢ︕

 ᠰᠢ ᠶᠢᠨ ᠫᠢᠩ ᠤᠯᠠᠨ ᠢ ᠬᠠᠷᠠᠭᠠᠳ᠄ ᠵᠧᠩ ᠸᠠᠨ ᠵᠢᠤ ᠦᠪᠡᠷ ᠤᠨ ᠪᠤᠳᠠᠳᠤ ᠠᠵᠢᠯᠯᠠᠭ᠎ᠠ ᠪᠠᠷ ᠢᠶᠠᠨ ᠠᠷᠠᠳ ᠤᠯᠠᠨ ᠺᠠᠳ᠋ᠷᠴᠤᠳ ᠤᠨ ᠰᠡᠳᠬᠢᠯ ᠳᠤ ᠬᠡᠳᠦᠢ ᠶᠡᠭᠡ ᠬᠤᠪᠢ ᠶᠢᠨ ᠵᠢᠩ ᠡᠵᠡᠯᠡᠪᠡᠯ ᠺᠠᠳ᠋ᠷᠴᠤᠳ ᠠᠷᠠᠳ ᠤᠯᠠᠨ ᠤ ᠰᠡᠳᠬᠢᠯ ᠳᠤ ᠲᠡᠳᠦᠢ ᠶᠡᠭᠡ ᠬᠤᠪᠢ ᠶᠢᠨ ᠵᠢᠩ ᠡᠵᠡᠯᠡᠨ᠎ᠠ ᠭᠡᠳᠡᠭ ᠤᠨ ᠪᠠᠶᠠᠯᠢᠬ ᠠᠭᠤᠯᠬᠤᠨ ᠢ ᠬᠦᠨᠵᠡᠭᠡᠢ ᠬᠠᠷᠠᠭᠤᠯᠵᠠᠢ ᠭᠡᠵᠦ ᠬᠡᠯᠡᠵᠦ ᠪᠤᠯᠤᠨ᠎ᠠ᠃ ᠨᠢᠭᠡ ᠭᠠᠵᠠᠷ ᠤᠷᠤᠨ ᠬᠦᠭᠵᠢᠶ᠎ᠡ ᠭᠡᠪᠡᠯ ᠡᠷᠬᠡᠪᠰᠢ ᠨᠢᠭᠡ ᠪᠠᠶᠢᠯᠳᠤᠭᠠᠨ ᠤ ᠪᠠᠬᠢᠯᠡᠯᠲᠡ ᠪᠠᠶᠢᠬᠤ ᠬᠡᠷᠡᠭᠳᠠᠢ᠂ ᠺᠠᠳ᠋ᠷᠴᠤᠳ ᠠᠷᠠᠳ ᠤᠨ ᠲᠦᠯᠦᠭᠡ ᠠᠵᠢᠯᠯᠠᠬᠤ ᠦᠭᠡᠢ ᠪᠤᠯ ᠪᠤᠯᠬᠤ ᠦᠭᠡᠢ ᠶᠤᠮ᠃ ᠡᠶᠢᠮᠦ ᠠᠴᠠ᠂ ᠦᠷᠭᠡᠨ ᠤᠯᠠᠨ ᠬᠦᠳᠡᠭᠡ ᠲᠤᠰᠬᠤᠨ ᠤ ᠨᠠᠮ ᠤᠨ ᠭᠡᠰᠢᠭᠦᠳ ᠦᠢᠯᠡᠳᠪᠤᠷᠢᠯᠡᠯ ᠢ ᠬᠦᠭᠵᠢᠬᠦᠯᠬᠦ ᠲᠠᠭᠠᠭᠤᠯᠤᠭᠴᠢ ᠪᠤᠯᠵᠤ᠂ ᠰᠢᠨ᠎ᠡ ᠰᠤᠷᠳᠠᠯ ᠢ ᠪᠠᠳᠠᠷᠠᠭᠤᠯᠬᠤ ᠵᠢᠱᠢᠶᠡᠴᠢ ᠪᠤᠯᠵᠥ᠂ ᠡᠶ᠎ᠡ ᠵᠤᠬᠢᠴᠠᠯ ᠢ ᠬᠦᠳᠦᠯᠦᠨ ᠠᠬᠢᠭᠤᠯᠤᠭᠴᠢ ᠪᠤᠯᠵᠥ᠂ ᠤᠯᠠᠨ ᠲᠦᠮᠡᠨ ᠤ ᠰᠡᠳᠬᠢᠯ ᠤᠨ ᠬᠦᠮᠥᠨ ᠪᠤᠯᠬᠤ ᠬᠡᠷᠡᠭᠳᠡᠢ ᠭᠡᠵᠦ ᠵᠠᠯᠭᠠᠨ ᠬᠡᠯᠡᠪᠡ᠃

 ᠰᠢ ᠶᠢᠨ ᠫᠢᠩ ᠤᠨ ᠴᠢᠩ ᠦᠨᠡᠨᠴᠢ ᠰᠤᠷᠭᠠᠯ ᠨᠢ ᠰᠢᠶᠠ ᠵᠢᠶᠠᠩ ᠲᠤᠰᠬᠤᠨ ᠤ ᠨᠠᠮ ᠤᠨ ᠭᠡᠰᠢᠭᠦᠨ ᠺᠠᠳ᠋ᠷᠴᠤᠳ ᠤᠨ ᠴᠢᠷᠮᠠᠶᠢᠬᠤ ᠴᠢᠭᠯᠡᠯ ᠢ ᠲᠤᠳᠤᠷᠬᠠᠢ ᠵᠢᠭᠠᠨ ᠦᠭᠴᠡᠢ᠃

 ᠶᠠᠩ ᠬᠤᠩ ᠮᠠ᠄ ᠬᠡᠷᠬᠢᠨ ᠪᠤᠳᠠᠳᠤ ᠠᠵᠢᠯ ᠤᠨ ᠲᠤᠮᠳᠠ ᠲᠦᠷᠪᠡᠨ ᠵᠦᠢᠯ ᠤᠨ ᠬᠦᠮᠦᠨ᠎ ᠢ ᠢᠯᠡᠷᠡᠬᠦᠯᠬᠦ ᠲᠤᠬᠠᠢ ᠪᠢᠳᠠ ᠴᠢᠷᠮᠠᠶᠢᠨ ᠰᠦᠪᠡᠭᠴᠢᠯᠡᠭᠰᠡᠬᠡᠷ ᠭᠡᠪᠡ᠃ ᠲᠡᠷᠡ ᠪᠠᠰᠠ᠄ ᠵᠢᠱᠢᠶᠡᠯᠡᠪᠠᠯ᠂ ᠲᠤᠰᠬᠤᠨ ᠤ ᠲᠦᠷᠢ ᠲᠦᠷᠬᠦ ᠰᠠᠶᠢᠵᠢᠷᠠᠭᠰᠠᠠ ᠤ ᠳᠠᠷᠠᠭ᠎ᠠ᠂ ᠤᠯᠠᠨ ᠢᠶᠠᠷ ᠢᠶᠠᠨ ᠴᠦᠮ ᠲᠠᠷᠠᠭᠠᠴᠢ ᠶᠢᠨ ᠠᠯᠬᠤᠮ ᠳᠤ ᠲᠠᠷᠢᠶᠠᠴᠢᠨ ᠠᠶᠢᠯ ᠤᠨ ᠵᠤᠭᠠᠴᠠᠯ ᠢ ᠬᠦᠭᠵᠢᠬᠦᠯᠬᠦ ᠨᠢ ᠪᠤᠯᠤᠮᠠᠷ ᠵᠠᠮ ᠬᠡᠵᠤ ᠦᠵᠡᠨ᠎ᠠ᠃ ᠬᠡᠬᠦ ᠳᠤ ᠲᠠᠷᠢᠶᠠᠴᠢᠨ ᠠᠶᠢᠯ ᠤᠨ ᠵᠤᠭᠠᠴᠠᠯ ᠢ ᠡᠷᠬᠢᠯᠡᠬᠦ ᠳᠤ ᠪᠦᠬᠦᠳᠡᠬᠡᠷ ᠢᠶᠠᠷ ᠢᠶᠠᠨ ᠴᠦᠮ ᠲᠤᠷᠰᠢᠯᠭ᠎ᠠ ᠦᠬᠡᠢ᠂ ᠬᠡᠨ ᠨᠢ ᠬᠠᠮᠤᠭ ᠲᠦᠷᠦᠬᠦᠦ ᠲᠤᠷᠰᠢᠵᠤ ᠬᠢᠬᠦ ᠪᠤᠢ︖ ᠠᠬᠠᠮᠠᠳ ᠨᠠᠮ ᠤᠨ ᠬᠡᠰᠢᠬᠦᠨ ᠵᠢᠶᠠᠩ ᠽᠤ᠋ ᠬᠠᠢ ᠪᠤᠰᠴᠤ ᠵᠤᠬᠰᠤᠭᠠᠳ᠄ ᠰᠢ ᠶᠢᠨ ᠫᠢᠩ ᠨᠦᠬᠦᠷ ᠨᠠᠮ ᠤᠨ ᠬᠡᠰᠢᠬᠦᠨ ᠺᠠᠳ᠋ᠷᠴᠤᠳ ᠦᠢᠯᠡᠳᠪᠦᠷᠢᠯᠡᠯ ᠢ ᠬᠦᠭᠵᠢᠬᠦᠯᠬᠦ ᠲᠠᠭᠠᠭᠤᠯᠤᠭᠴᠢ ᠪᠤᠯᠬᠤ ᠬᠡᠷᠡᠭᠳᠡᠢ ᠬᠡᠰᠡᠡ ᠲᠤᠯᠠ ᠪᠢ ᠤᠷᠢᠳᠠᠪᠠᠷ ᠡᠷᠬᠢᠯᠡᠵᠤ᠂ ᠤᠯᠠᠨ ᠳᠤ ᠵᠠᠮ ᠬᠠᠶᠢᠵᠤ ᠦᠵᠡᠶ᠎ᠠ ᠬᠡᠳ 6 ᠲᠦᠮᠡᠨ ᠲᠦᠬᠦᠷᠢᠭ ᠴᠤᠭᠯᠠᠭᠤᠯᠤᠭᠠᠳ ᠵᠠᠰᠠᠯ ᠴᠢᠮᠡᠭᠯᠡᠯ ᠢᠶᠠᠨ ᠡᠬᠢᠯᠡᠬᠦᠯᠵᠤ᠂ ᠬᠡᠷ ᠤᠨ ᠡᠳ᠋ᠯᠡᠯ ᠬᠡᠷᠡᠭᠰᠡᠯ ᠠᠪᠴᠤ᠂ ᠲᠤᠭᠤᠭᠠᠨ ᠬᠡᠷ ᠢᠶᠠᠨ ᠦᠷᠬᠡᠳᠬᠡᠪᠠ᠃ ᠪᠦᠳᠦᠬᠡᠨ ᠪᠠᠶᠢᠭᠤᠯᠵᠤ ᠳᠠᠭᠤᠰᠤᠬᠰᠠᠨ ᠤ ᠳᠠᠷᠠᠭ᠎ᠠ ᠬᠠᠷᠢᠨ ᠬᠠᠭᠠᠰ ᠰᠠᠷ᠎ᠠ ᠭᠠᠷᠤᠢ ᠳᠤ ᠨᠢᠬᠡ ᠵᠤᠭᠠᠴᠠᠬᠴᠢ ᠴᠤ ᠢᠷᠡᠭᠰᠡᠨ ᠦᠭᠡᠢ᠂ ᠡᠳᠦᠷ ᠪᠦᠷᠢ ᠵᠠᠷᠤᠳᠠᠯ ᠭᠠᠷᠴᠤ ᠪᠠᠶᠢᠪᠡ᠃ ᠲᠤᠰᠬᠤᠨ ᠤ ᠨᠠᠮ ᠤᠨ ᠬᠡᠰᠢᠬᠦᠨ ᠺᠠᠳ᠋ᠷᠴᠤᠳ ᠲᠡᠬᠦᠨ ᠳᠤ ᠵᠤᠭᠠᠴᠠᠬᠴᠢ ᠳᠠᠭᠠᠭᠤᠯᠤᠨ ᠠᠪᠴᠢᠷᠠᠵᠤ ᠦᠭᠳᠡᠭ ᠪᠠᠶᠢᠯ᠎ᠠ᠃ ᠳᠠᠳᠠᠨᠠᠷ ᠤᠨ ᠬᠠᠪᠰᠤᠷᠤᠯᠭ᠎ᠠ ᠪᠠᠷ ᠮᠠᠶᠢᠮᠠᠢ ᠨᠢ ᠡᠳᠦᠷ ᠠᠴᠠ ᠡᠳᠦᠷ ᠰᠠᠶᠢᠵᠢᠷᠠᠵᠤ ᠪᠢᠯᠡ᠃ ᠤᠳᠤ ᠲᠤᠰᠬᠤᠨ ᠤ ᠲᠠᠷᠢᠶᠠᠴᠢᠨ ᠠᠶᠢᠯ ᠤᠨ ᠵᠤᠭᠠᠴᠠᠯ ᠡᠷᠬᠢᠯᠡᠵᠤ ᠪᠠᠶᠢᠭ᠎ᠠ ᠡᠷᠦᠬᠡ ᠤᠯᠠᠰᠢᠷᠠᠬᠰᠠᠨ ᠢᠶᠠᠷ ᠪᠠᠷᠠᠬᠤ ᠦᠬᠡᠢ ᠠᠶᠢᠯ ᠪᠤᠯᠭᠠᠨ ᠳᠤ ᠬᠡᠷ ᠲᠦᠬᠦᠷᠡᠩ ᠬᠡᠶᠢᠴᠢᠨ ᠵᠤᠴᠢᠨ ᠲᠠᠢ ᠪᠤᠯᠤᠭᠰᠠᠠ ᠪᠠᠶᠢᠨ᠎ᠠ᠃ ᠲᠤᠰᠬᠤᠨ ᠤ ᠨᠠᠮ ᠤᠨ ᠬᠡᠰᠢᠬᠦᠨ ᠬᠡᠰᠡᠭ ᠬᠤᠪᠢᠶᠠᠨ ᠤᠯᠠᠨ ᠲᠦᠮᠡᠨ ᠲᠠᠢ ᠬᠠᠷᠢᠯᠴᠠᠬᠤ ᠲᠦᠷᠢᠮ ᠨᠢ ᠮᠦᠨ ᠴᠤ ᠲᠦᠷᠪᠡᠨ ᠵᠦᠢᠯ ᠤᠨ ᠬᠦᠮᠦᠨ᠎ ᠢ ᠦᠢᠯᠡᠳᠦᠯᠭᠡᠵᠢᠬᠦᠯᠬᠦ ᠪᠤᠳᠠᠳᠤ ᠢᠯᠡᠷᠡᠯ ᠪᠤᠯᠬᠤ ᠶᠤᠮ ᠬᠡᠵᠡᠢ᠃

 ᠨᠠᠮ ᠤᠨ ᠬᠡᠰᠢᠬᠦᠨ ᠬᠡᠰᠡᠭ ᠬᠤᠪᠢᠶᠠᠨ ᠬᠠᠷᠢᠯᠴᠠᠬᠤ ᠲᠦᠷᠢᠮ ᠨᠢ ᠪᠢᠳᠠᠨ ᠳᠤ ᠨᠠᠮ ᠤᠨ ᠬᠡᠰᠢᠬᠦᠨ ᠤ ᠬᠤᠰᠢᠭᠤᠴᠢ ᠵᠢᠱᠢᠶᠡᠴᠢ ᠦᠢᠯᠡᠳᠦᠯ ᠢ ᠵᠢᠩᠬᠢᠨᠢ ᠪᠠᠷ ᠮᠡᠳᠡᠷᠡᠬᠦᠯᠵᠡᠢ︕ ᠭᠡᠵᠤ ᠲᠤᠰᠬᠤᠨ ᠤ ᠠᠷᠠᠳ ᠵᠢᠶᠠᠩ ᠯᠢ ᠬᠤᠩ ᠶᠡᠷᠢᠨ᠎ᠠ᠃ ᠤᠤᠯ ᠨᠢ ᠲᠡᠷᠡ ᠲᠠᠷᠢᠶᠠᠴᠢᠨ ᠠᠶᠢᠯ ᠤᠨ ᠵᠤᠭᠠᠴᠠᠯ ᠡᠷᠬᠢᠯᠡᠬᠦ ᠳᠤ 100 ᠲᠦᠮᠡᠨ ᠲᠦᠬᠦᠷᠢᠭ ᠬᠡᠷᠡᠭᠰᠡᠬᠦ ᠴᠢᠬᠤᠯᠠᠳᠠᠢ ᠪᠠᠶᠢᠵᠤ᠂ ᠤᠯᠡᠨ ᠠᠷᠭ᠎ᠠ ᠵᠠᠮ ᠢᠶᠠᠷ ᠵᠤᠭᠤᠰ ᠴᠤᠬᠯᠠᠭᠤᠯᠤᠬᠰᠡᠨ ᠪᠤᠯᠪᠠᠴᠤ ᠡᠴᠦᠰ ᠲᠡᠭᠡᠨ ᠪᠠᠰᠠ 30 ᠲᠦᠮᠡᠨ ᠲᠦᠬᠦᠷᠢᠭ ᠲᠤᠳᠠᠵᠤ ᠪᠠᠶᠢᠪᠠ᠃ ᠲᠤᠰᠬᠤᠨ ᠤ ᠨᠢᠭᠳᠠᠯᠠᠨ ᠪᠤᠳᠤᠭᠴᠢ ᠵᠢᠶᠠᠩ ᠬᠦᠸᠧ ᠪᠢᠩ ᠰᠤᠨᠤᠰᠤᠬᠰᠡᠨ ᠤ ᠳᠠᠷᠠᠭ᠎ᠠ᠂ ᠲᠡᠬᠦᠨ ᠲᠠᠢ ᠬᠠᠮᠳᠤ ᠰᠢᠶᠠᠨ ᠤ ᠪᠠᠩᠬᠢ ᠳᠤ ᠬᠦᠷᠴᠤ ᠵᠤᠬᠢᠴᠠᠭᠤᠯᠤᠭᠰᠠᠠ ᠢᠶᠠᠷ 30 ᠲᠦᠮᠡᠨ ᠲᠦᠬᠦᠷᠢᠭ ᠤᠨ ᠢᠳᠡᠬᠡᠮᠵᠢ ᠶᠢᠨ ᠵᠢᠬᠡᠯᠡᠯᠬᠡ ᠤᠯᠵᠤ᠂ ᠤᠳᠠᠯ ᠦᠬᠡᠢ ᠪᠠᠭᠤᠵᠤ ᠢᠷᠠᠪᠠ᠃ ᠤᠳᠤ ᠲᠡᠬᠦᠨ ᠤ ᠲᠠᠷᠢᠶᠠᠴᠢᠨ ᠠᠶᠢᠯ ᠤᠨ ᠵᠤᠭᠠᠴᠠᠯ ᠨᠢ ᠤᠷᠤᠯᠭ᠎ᠠ ᠰᠠᠶᠢᠳᠠᠢ ᠪᠠᠶᠢᠨ᠎ᠠ᠃

 ᠲᠤᠰᠬᠤᠨ ᠤ ᠠᠷᠠᠳ ᠸᠠᠩ ᠳ᠋ᠠᠢ ᠪᠢᠨ ᠤ ᠪᠡᠶ᠎ᠠ ᠮᠠᠭᠤ᠂ ᠵᠠᠷᠢᠮ ᠡᠮᠴᠢᠯᠡᠬᠡᠨ ᠤ ᠵᠠᠷᠤᠳᠠᠯ ᠤᠨ ᠪᠠᠷᠢᠮᠳᠠ ᠶᠢ ᠦᠷᠬᠦᠯᠵᠢ ᠪᠠᠯᠭᠠᠰᠤᠨ ᠳᠤ ᠠᠪᠠᠴᠢᠵᠤ ᠲᠠᠩᠰᠨ ᠳᠠᠶᠢᠯᠳᠠᠭ᠃ ᠲᠤᠰᠬᠤᠨ ᠳᠤ ᠰᠠᠭᠤᠭ᠎ᠠ ᠤᠶᠤᠳᠠᠨ ᠲᠤᠰᠬᠤᠨ ᠤ ᠲᠠᠷᠤᠭ᠎ᠠ ᠭᠤᠸᠠᠨ ᠹᠠᠩ ᠯᠢᠨ ᠡᠭᠦᠨ ᠢ ᠮᠡᠳᠡᠭᠰᠡᠡ ᠤ ᠳᠠᠷᠠᠭ᠎ᠠ᠂ ᠪᠦᠬᠦᠨ ᠢ ᠲᠠᠭᠠᠭᠠᠵᠤ ᠠᠪᠴᠠᠢ ᠁

 ᠪᠦᠬᠦ ᠲᠤᠰᠬᠤᠨ ᠤ 200 ᠭᠠᠷᠤᠢ ᠡᠷᠦᠬᠡ ᠳᠤ 41 ᠨᠠᠮ ᠤᠨ ᠬᠡᠰᠢᠬᠦᠨ ᠲᠠᠢ᠂ ᠲᠡᠬᠡᠷ᠎ᠠ ᠨᠢ ᠲᠤᠰᠬᠤᠨ ᠳᠤ ᠰᠠᠭᠤᠭ᠎ᠠ ᠺᠠᠳ᠋ᠷ ᠢ ᠨᠡᠮᠡᠬᠡᠳ ᠬᠦᠮᠦᠨ ᠪᠦᠷᠢ 5 ᠡᠷᠦᠬᠡ ᠶᠢ ᠲᠠᠭᠠᠭᠠᠴᠢᠯᠠᠬᠤ ᠳᠤ ᠶᠠᠭ ᠰᠠᠶᠢᠬᠠᠨ ᠨᠢᠬᠡ ᠡᠷᠦᠬᠡ ᠶᠢ ᠴᠤ ᠬᠡᠬᠡᠭᠳᠡᠬᠦᠯᠬᠦ ᠦᠬᠡᠢ᠃ ᠠᠯᠢ ᠨᠢᠬᠡᠨ ᠡᠷᠦᠬᠡ ᠨᠢ ᠠᠰᠠᠭᠤᠳᠠᠯ ᠲᠠᠢ ᠪᠤᠯ ᠴᠦᠮ ᠲᠠᠭᠠᠭᠠᠴᠢᠯᠠᠭᠰᠠᠠ ᠨᠠᠮ ᠤᠨ ᠬᠡᠰᠢᠬᠦᠨ ᠢᠶᠠᠨ ᠡᠷᠢᠵᠤ ᠰᠢᠢᠳᠪᠤᠷᠢᠯᠡᠳᠡᠭ ᠬᠡᠵᠤ ᠶᠠᠩ ᠬᠤᠩ ᠮᠠ ᠲᠠᠨᠢᠯᠴᠠᠭᠤᠯᠤᠨ᠎ᠠ᠃

 ᠡᠶ᠎ᠡ ᠵᠤᠬᠢᠴᠠᠯ ᠤᠨ ᠲᠠᠭᠠᠭᠤᠯᠤᠭᠴᠢ᠂ ᠤᠯᠠᠨ ᠲᠦᠮᠡᠨ ᠤ ᠲᠤᠳᠤᠨᠤ ᠬᠦᠮᠦᠨ ᠪᠤᠯᠬᠤ ᠳᠤ ᠡᠷᠬᠡᠪᠰᠢ ᠤᠯᠠᠨ ᠲᠦᠮᠡᠡ ᠤ ᠠᠰᠢᠬ ᠲᠤᠰᠠ ᠶᠢ ᠲᠡᠷᠢᠬᠦᠨ ᠳᠤ ᠲᠠᠯᠪᠢᠬᠤ ᠬᠡᠷᠡᠭᠳᠡᠢ᠃ ᠰᠢᠶᠠ ᠵᠢᠶᠠᠩ ᠲᠤᠰᠬᠤᠨ ᠤ ᠨᠠᠮ ᠤᠨ ᠬᠡᠰᠢᠬᠦᠨ ᠺᠠᠳ᠋ᠷᠴᠤᠳ ᠡᠳᠡᠭᠡᠷ ᠢ ᠪᠡᠶᠡᠴᠢᠯᠡᠨ ᠦᠢᠯᠡᠳᠦᠯᠬᠡᠵᠢᠬᠦᠯᠦᠭᠰᠡᠬᠡᠷ᠃

 ᠳᠤᠰᠬᠤᠨ ᠤ ᠠᠷᠠᠳ ᠵᠢᠶᠠᠩ ᠱᠦᠨ ᠰᠢᠶᠠᠩ ᠤᠨ ᠡᠬᠦᠳᠡᠨ ᠳᠤ ᠬᠦᠮᠦᠰ ᠤᠪᠤᠭᠠᠷᠠᠯᠳᠤᠵᠤ ᠪᠠᠶᠢᠯ᠎ᠠ᠃ ᠤᠤᠯ ᠨᠢ ᠵᠤᠭᠠᠴᠠᠭᠰᠠᠳ ᠮᠠᠵᠢ ᠲᠠᠢ ᠰᠢᠯᠦᠬᠡᠢ ᠪᠤᠤᠪᠤ ᠬᠢᠭᠦ ᠶᠢ ᠪᠡᠶᠠᠴᠢᠯᠡᠨ ᠤᠢᠢᠯᠠᠭᠠᠵᠤ ᠪᠠᠶᠢᠯ᠎ᠠ᠃ ᠬᠦᠭᠵᠢᠶᠡᠨᠳᠡᠢ ᠤᠯᠠᠷᠢᠯ ᠳᠤ ᠬᠠᠮᠤᠭ ᠤᠨ ᠤᠯᠠᠨ ᠳᠠᠭᠠᠨ ᠡᠳᠦᠷ ᠤᠨ 200 ᠵᠢᠩ ᠮᠠᠵᠢ ᠲᠠᠢ ᠰᠢᠯᠦᠬᠡᠢ ᠪᠤᠤᠪᠤ ᠬᠢᠳᠡᠭ᠂ ᠤᠷᠤᠯᠭ᠎ᠠ ᠨᠡᠯᠢᠶᠡᠳ ᠰᠠᠶᠢᠨ ᠬᠡᠵᠦ ᠵᠢᠶᠠᠩ ᠱᠦᠨ ᠰᠢᠶᠠᠩ ᠪᠠᠶᠠᠷᠳᠠᠶᠢᠬᠠᠨ ᠶᠠᠷᠢᠨ᠎ᠠ᠃ ᠲᠡᠷᠡ᠄ ᠡᠨᠡᠬᠦ ᠠᠷᠭ᠎ᠠ ᠶᠢ ᠳᠤᠰᠬᠤᠨ ᠤ ᠨᠠᠮ ᠤᠨ ᠡᠬᠦᠷ ᠤᠨ ᠬᠢᠨ ᠰᠡᠳᠦᠵᠦ ᠰᠠᠨᠠᠭᠠᠴᠢᠯᠠᠬᠰᠡᠨ ᠶᠤᠮ᠂ ᠬᠡᠪᠡᠴᠦ ᠳᠤᠰᠬᠤᠨ ᠤ ᠳᠤᠭᠳᠠᠭᠠᠯ ᠢᠶᠠᠷ ᠡᠶᠢᠮᠦᠷᠬᠦ ᠵᠤᠭᠤᠰ ᠤᠯᠬᠤ ᠳᠤ ᠬᠢᠯᠪᠠᠷᠬᠠᠨ ᠠᠵᠢᠯ ᠢ ᠳᠤᠰᠬᠤᠨ ᠤ ᠶᠠᠳᠠᠭᠤ ᠬᠦᠴᠢᠷᠳᠡᠯᠳᠡᠢ ᠡᠷᠦᠬᠡ ᠶᠢ ᠤᠷᠢᠳᠠᠪᠡᠷ ᠪᠤᠳᠤᠯᠬᠢᠯᠠᠳᠠᠭ ᠬᠡᠯ᠎ᠡ᠃

 ᠰᠢᠶᠠ ᠵᠢᠶᠠᠩ ᠳᠤᠰᠬᠤᠨ ᠤ ᠵᠦᠪᠯᠡᠯ ᠳᠤ ᠬᠦᠷᠦᠭᠡᠳ ᠰᠤᠷᠪᠤᠯᠵᠢᠯᠠᠭᠴᠢ ᠰᠢᠶᠠ ᠵᠢᠶᠠᠩ ᠳᠤᠰᠬᠤᠨ ᠤ ᠤᠯᠠᠨ ᠲᠦᠮᠡᠨ ᠤ ᠠᠰᠢᠭ ᠳᠤᠰᠠ ᠶᠢ ᠬᠠᠮᠠᠭᠠᠯᠠᠬᠤ ᠲᠦᠷᠢᠮ ᠮᠠᠰᠢ ᠴᠢᠩᠭ᠎ᠠ︔ ᠬᠠᠷᠢᠯᠴᠠᠭ᠎ᠠ ᠪᠠᠶᠢᠭᠤᠯᠤᠨ ᠶᠠᠳᠠᠭᠤ ᠶᠢ ᠳᠡᠳᠬᠦᠬᠦ ᠪᠡᠯᠡ ᠮᠦᠩᠬᠦ ᠶᠢ ᠬᠤᠳᠠ ᠰᠢᠶᠠᠨ ᠤ ᠬᠤᠶᠠᠷ ᠱᠠᠳᠤᠨ ᠤ ᠵᠠᠰᠠᠭ ᠤᠨ ᠤᠷᠳᠤᠨ ᠤ ᠬᠦᠳᠡᠭᠡ ᠳᠤᠰᠬᠤᠨ ᠤ ᠠᠵᠢᠯ ᠤᠨ ᠠᠯᠪᠠᠨ ᠬᠡᠷ ᠭᠤᠷᠪᠠᠳᠡᠬᠢ ᠡᠳᠡᠬᠡᠳ ᠲᠤ ᠨᠠᠶᠢᠳᠠᠨ ᠵᠢᠯ ᠪᠦᠷᠢ ᠨᠢᠬᠡ ᠤᠳᠠᠭ᠎ᠠ ᠳᠤᠰᠬᠠᠢ ᠰᠡᠳᠦᠪᠳᠤ ᠬᠢᠨᠠᠨ ᠪᠤᠳᠤᠯᠳᠠ ᠬᠢᠯᠬᠡᠵᠦ᠂ ᠳᠡᠷᠡ ᠳᠠᠷᠤᠢ ᠳᠤᠨᠢ ᠪᠠᠶᠢᠴᠠᠭᠠᠨ ᠵᠠᠯᠠᠷᠠᠭᠤᠯᠳᠠᠭ︔ ᠪᠦᠬᠦ᠋ᠢᠯᠡ ᠶᠠᠳᠠᠭᠤ ᠶᠢ ᠳᠡᠳᠬᠦᠬᠦ ᠪᠡᠯᠡ ᠮᠦᠩᠬᠦ ᠶᠢ ᠬᠡᠷᠡᠭᠯᠡᠬᠦ ᠲᠦᠷᠦᠯ ᠵᠦᠢᠯ ᠢ ᠡᠷᠬᠡᠪᠰᠢ ᠳᠤᠰᠬᠤᠨ ᠳᠠᠭᠠᠨ ᠵᠠᠷᠯᠠᠨ ᠮᠡᠳᠡᠭᠳᠡᠳᠡᠭ︔ ᠪᠦᠬᠦ᠋ᠢᠯᠡ ᠶᠠᠳᠠᠭᠤ ᠶᠢ ᠳᠡᠳᠬᠦᠬᠦ ᠪᠡᠯᠡ ᠮᠦᠩᠬᠦ ᠶᠢ ᠰᠢᠶᠠᠨ ᠰᠢᠶᠠᠩ ᠤᠨ ᠬᠤᠶᠠᠷ ᠱᠠᠳᠤᠨ ᠤ ᠳᠤᠰᠬᠠᠢ ᠳᠠᠩᠰᠠᠨ ᠳᠤ ᠤᠷᠤᠭᠤᠯᠤᠨ ᠬᠠᠮᠢᠶᠠᠷᠴᠤ᠂ ᠰᠢᠶᠠᠨ ᠤ ᠱᠠᠳᠤᠨ ᠳᠤ ᠳᠠᠩᠰᠠ ᠳᠠᠶᠢᠯᠬᠤ ᠲᠦᠷᠢᠮ ᠢ ᠴᠢᠩᠭ᠎ᠠ ᠬᠡᠷᠡᠭᠵᠢᠬᠦᠯᠳᠡᠭ ᠁ ᠢ ᠤᠢᠢᠯᠠᠭᠠᠵᠤ ᠮᠡᠳᠡᠪᠡ᠃

 ᠰᠢᠶᠠ ᠵᠢᠶᠠᠩ ᠳᠤᠰᠬᠤᠨ ᠤ ᠰᠤᠶᠤᠯ ᠤᠨ ᠶᠤᠰᠤᠯᠠᠯ ᠤᠨ ᠲᠠᠩᠭᠢᠮ ᠤᠨ ᠡᠬᠦᠳᠡᠨ ᠤ ᠨᠢᠬᠡ ᠳᠠᠯ᠎ᠠ ᠳᠤ ᠨᠢ ᠨᠠᠮ ᠤᠨ ᠰᠦᠯᠳᠡ ᠶᠢ ᠡᠯᠬᠦᠵᠦ᠂ ᠨᠦᠬᠦᠬᠡ ᠳᠠᠯ᠎ᠠ ᠳᠤᠨᠢ ᠰᠢ ᠶᠢᠨ ᠫᠢᠩ ᠤᠨ ᠰᠢᠶᠠ ᠵᠢᠶᠠᠩ ᠳᠤᠰᠬᠤᠨ ᠳᠤ ᠬᠢᠭᠰᠡᠨ ᠲᠦᠷᠪᠡᠨ ᠵᠦᠢᠯ ᠤᠨ ᠬᠦᠮᠦᠨ ᠬᠡᠬᠦ ᠦᠬᠦᠯᠡᠯᠳᠡ ᠶᠢ ᠳᠠᠷᠤᠮᠠᠯᠯᠠᠨ ᠡᠯᠬᠦᠵᠦ ᠪᠠᠶᠢᠨ᠎ᠠ᠃ ᠪᠢᠳᠡ ᠴᠢᠯᠦᠬᠡ ᠭᠠᠷᠤᠭᠰᠠᠭᠠᠷ ᠠᠳᠡ ᠢᠷᠡᠵᠦ ᠦᠵᠡᠨ᠂ ᠰᠡᠳᠬᠢᠨ ᠪᠤᠳᠤᠯᠬᠢᠯᠠᠳᠠᠭ ᠬᠡᠵᠦ ᠶᠠᠩ ᠬᠤᠩ ᠮᠠ ᠬᠡᠯᠡᠨ᠎ᠡ᠂ ᠶᠡᠷᠦᠩᠬᠡᠢ ᠱᠦᠵᠢ ᠰᠢ ᠶᠢᠨ ᠫᠢᠩ ᠤᠯᠠᠨ ᠤᠳᠠᠭ᠎ᠠ ᠳᠤᠰᠬᠤᠨ ᠳᠤ ᠢᠷᠡᠵᠦ ᠬᠠᠪᠰᠤᠷᠠᠨ ᠳᠡᠳᠬᠦᠵᠡᠢ᠂ ᠳᠡᠬᠦᠨ ᠤ ᠦᠬᠡ ᠶᠠᠷᠢᠶ᠎ᠠ ᠦᠢᠯᠡ ᠬᠦᠳᠡᠯᠦᠯ ᠪᠤᠯᠭᠠᠨ ᠳᠤ ᠠᠷᠠᠳ ᠢᠶᠠᠨ ᠬᠠᠶᠢᠷᠠᠯᠠᠬᠤ ᠰᠡᠳᠬᠢᠯᠬᠡ ᠢᠯᠡᠷᠡᠵᠤ᠂ ᠮᠠᠨᠤᠰ ᠲᠤ ᠮᠠᠰᠢ ᠶᠡᠭᠡ ᠳᠠᠭᠤᠷᠢᠶᠠᠯ ᠪᠤᠯᠪᠡ᠃ ᠪᠢᠳᠡ ᠳᠡᠬᠦᠨ ᠤ ᠪᠢᠳᠠᠨ ᠳᠤ ᠳᠠᠯᠪᠢᠭᠰᠠᠨ ᠬᠦᠰᠡᠯ ᠨᠠᠶᠢᠳᠠᠯᠭ᠎ᠠ ᠶᠢ ᠯᠠᠪ ᠬᠦᠰᠡᠷᠳᠡᠬᠦᠯᠬᠦ ᠦᠬᠡᠢ ᠬᠡᠯ᠎ᠡ᠃

 (ᠲᠦᠷᠪᠡ) ᠴᠢᠨᠡᠬᠡᠯᠢᠭᠵᠢᠯ ᠪᠤᠯ ᠬᠦᠮᠦᠨ ᠪᠤᠯᠭᠠᠨ ᠳᠤ ᠠᠰᠢᠭ ᠬᠦᠷᠳᠡᠬᠡᠬᠦ ᠴᠢᠨᠡᠬᠡᠯᠢᠭᠵᠢᠯ ᠪᠤᠯᠤᠨ᠎ᠠ︔ ᠶᠠᠳᠠᠭᠤ ᠶᠢ ᠳᠡᠳᠬᠦᠬᠦ ᠪᠤᠯ ᠨᠢᠬᠡ ᠬᠦᠮᠦᠨ ᠢ ᠴᠤ ᠡᠩᠨᠡᠭᠡ ᠠᠴᠠ ᠬᠤᠴᠤᠷᠠᠭᠤᠯᠬᠤ ᠦᠬᠡᠢ ᠪᠠᠷ ᠶᠠᠳᠠᠭᠤ ᠶᠢ ᠳᠡᠳᠬᠦᠬᠦ ᠪᠤᠯᠤᠨ᠎ᠠ᠃ ᠬᠠᠪᠰᠤᠷᠤᠨ ᠳᠡᠳᠬᠦᠬᠦ ᠪᠤᠯ ᠳᠤᠮᠤ ᠳᠤᠭ᠎ᠠ ᠶᠢ ᠦᠵᠡᠬᠦ ᠪᠠᠷ ᠪᠠᠷᠠᠬᠤ ᠦᠬᠡᠢ ᠪᠠᠰᠠ ᠴᠦᠬᠡᠨ ᠳᠤᠭ᠎ᠠ ᠶᠢ ᠬᠠᠷᠠᠨ᠎ᠠ — ᠬᠠᠮᠤᠭ ᠤᠨ ᠪᠠᠭᠤᠷᠠᠢ ᠬᠦᠮᠦᠰ ᠲᠤ ᠴᠤ ᠦᠬᠡᠷᠡᠴᠢᠯᠡᠯᠳᠡ᠂ ᠬᠦᠭᠵᠢᠯᠳᠡ ᠶᠢᠨ ᠦᠷ᠎ᠡ ᠪᠦᠳᠦᠮᠵᠢ ᠶᠢ ᠡᠳ᠋ᠯᠡᠬᠦᠯᠦᠨ᠎ᠡ᠃

 ᠰᠤᠷᠪᠤᠯᠵᠢᠯᠠᠭᠴᠢ ᠶᠠᠩ ᠬᠤᠩ ᠮᠠ ᠶᠢ ᠳᠠᠭᠠᠵᠤ ᠵᠡᠬᠦᠨᠰᠢ ᠪᠠᠷᠠᠭᠤᠨᠰᠢ ᠮᠤᠷᠦ᠋ᠢᠭ᠌ᠰᠠᠭᠠᠷ 66 ᠨᠠᠰᠤᠳᠠᠢ ᠲᠦᠯᠡᠢ ᠶᠠᠪᠠ ᠵᠢᠶᠠᠩ ᠱᠠᠨ ᠡᠾᠧᠦ ᠶᠢᠨ ᠳᠤ ᠢᠷᠡᠪᠡ᠃

 ᠵᠢᠶᠠᠩ ᠱᠠᠨ ᠡᠾᠧᠦ ᠶᠠᠭ ᠰᠠᠶ᠋ᠢᠬᠠᠨ ᠬᠦᠷᠢᠶᠡᠨ ᠳᠡᠭᠡᠨ ᠳᠤᠳᠤᠷᠭ᠎ᠠ ᠪᠠᠨ ᠬᠠᠳᠠᠭᠠᠵᠤ ᠪᠠᠶᠢᠯ᠎ᠠ᠃ ᠳᠡᠬᠦᠨ ᠤ ᠠᠷᠤ ᠳᠤ ᠭᠤᠷᠪᠠᠨ ᠳᠠᠪᠬᠤᠷ ᠠᠰᠠᠷ ᠬᠠᠷᠠᠭᠳᠠᠨ᠎ᠠ᠃

 ᠶᠠᠩ ᠬᠤᠩ ᠮᠠ ᠵᠢᠭᠠᠵᠤ ᠳᠤᠬᠢᠵᠤ ᠵᠢᠶᠠᠩ ᠱᠠᠨ ᠡᠾᠧᠦ ᠲᠠᠢ ᠰᠠᠨᠠᠭ᠎ᠠ ᠪᠠᠨ ᠰᠤᠯᠢᠯᠴᠠᠪᠡ᠃ ᠰᠠᠨᠠᠭ᠎ᠠ ᠪᠠᠨ ᠰᠤᠯᠢᠯᠴᠠᠬᠰᠡᠨ ᠤ ᠳᠠᠷᠠᠭ᠎ᠠ᠂ ᠳᠡᠷᠡ ᠰᠤᠪᠤᠯᠵᠢᠯᠠᠭᠴᠢ ᠳᠤ᠄ ᠵᠢᠶᠠᠩ ᠱᠠᠨ ᠡᠾᠧᠦ ᠪᠤᠯ ᠳᠤᠰᠬᠤᠨ ᠤ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠬᠦᠷᠳᠡᠵᠦ ᠪᠠᠶᠢᠭ᠎ᠠ ᠡᠷᠦᠬᠡ ᠪᠤᠯᠤᠨ᠎ᠠ᠂ ᠰᠠᠶ᠋ᠢ ᠠᠮᠢᠳᠤᠷᠠᠯ ᠤᠨ ᠳᠤᠬᠠᠢ ᠠᠰᠠᠭᠤᠯ᠎ᠠ᠂ ᠤᠢᠢᠷ᠎ᠠ ᠳᠤ ᠲᠡᠭᠦᠨ ᠤ ᠠᠮᠢᠳᠤᠷᠠᠯ ᠳᠤ ᠬᠦᠴᠢᠷ ᠦᠬᠡᠢ ᠬᠡᠨ᠎ᠡ ᠬᠡᠵᠦ ᠶᠠᠷᠢᠨ᠎ᠠ᠃

 ᠶᠡᠷᠤᠩᠭᠡᠢ ᠱᠦᠵᠢ ᠰᠢ ᠶᠢᠨ ᠫᠢᠡᠭ ᠤᠳᠠᠭ᠎ᠠ ᠪᠦᠷᠢ ᠰᠢᠶ᠋ᠨ ᠵᠢᠶᠠᠩ ᠲᠤᠰᠬᠤᠨ ᠳᠤ ᠲᠤᠭᠤᠷᠢᠨ ᠰᠤᠷᠪᠤᠯᠵᠢᠯᠠᠬᠤ ᠪᠠᠷ ᠬᠦᠷᠬᠦ ᠦᠶ᠎ᠡ ᠳᠤ᠂ ᠴᠠᠬ ᠭᠡᠳᠤᠢ ᠪᠠᠴᠢᠮ ᠪᠠᠶᠢᠬᠰᠠᠨ ᠴᠤ ᠲᠤᠰᠬᠤᠨ ᠤ ᠶᠠᠳᠠᠭᠤ ᠬᠦᠴᠢᠷᠳᠡᠯᠳᠡᠢ ᠡᠷᠤᠭᠡ ᠶᠢ ᠪᠤᠯᠭᠤᠭᠠᠨ ᠲᠤᠬᠤᠨᠢᠭᠤᠯᠳᠠᠬ᠃ 2005 ᠤᠨ ᠤ 3 ᠰᠠᠷ᠎ᠡ ᠶᠢᠨ 22᠎ ᠤᠨ ᠡᠳᠤᠷ ᠤᠨ ᠦᠳᠡ ᠶᠢᠨ ᠬᠤᠶᠢᠨ᠎ᠡ᠂ ᠶᠡᠷᠤᠩᠭᠡᠢ ᠱᠦᠵᠢ ᠰᠢ ᠶᠢᠨ ᠫᠢᠡᠭ 4 ᠶᠠᠳᠠᠭᠤ ᠬᠦᠴᠢᠷᠳᠡᠯᠳᠡᠢ ᠡᠷᠤᠭᠡ ᠶᠢ ᠲᠤᠬᠤᠨᠢᠭᠤᠯᠪᠡ᠃ ᠡᠯ᠎ᠡ ᠡᠷᠤᠭᠡ ᠶᠢᠨ ᠦᠢᠯᠡᠤᠡᠪᠤᠷᠢᠯᠡᠯ ᠠᠮᠢᠳᠤᠷᠠᠯ ᠤᠨ ᠪᠠᠶᠢᠳᠠᠯ ᠢ ᠨᠠᠷᠢᠨ ᠬᠢᠨᠠᠮᠠᠭᠠᠢ ᠦᠢᠯᠠᠭᠠᠨ ᠠᠰᠠᠭᠤᠨ ᠯᠠᠪᠯᠡᠪᠡ᠃ ᠲᠤᠰᠬᠤᠨ ᠤ ᠵᠦᠪᠯᠠᠯ ᠤᠨ ᠬᠤᠷᠠᠯ ᠤᠨ ᠭᠡᠷ ᠲᠤ ᠬᠦᠷᠦᠭᠰᠡᠨ ᠤ ᠪᠠᠨ ᠲᠠᠷᠠᠭ᠎ᠠ᠂ ᠲᠠᠷᠨ᠄ ᠮᠠᠨ ᠤ ᠴᠢᠨᠡᠭᠡᠯᠢᠭ ᠨᠡᠶᠢᠭᠡᠮ ᠪᠤᠯ ᠬᠦᠮᠤᠨ ᠪᠦᠷᠢ ᠶᠢ ᠴᠢᠨᠡᠭᠡᠯᠢᠭᠵᠢᠬᠦᠯᠬᠦ ᠶᠠᠪᠤᠳᠠᠯ ᠪᠤᠯᠤᠨ᠎ᠡ᠃ ᠮᠠᠨ ᠤ ᠶᠠᠳᠠᠭᠤ ᠶᠢ ᠲᠡᠤᠡᠬᠦᠬᠦ ᠪᠤᠯ ᠨᠢᠭᠡ ᠬᠦᠮᠤᠨ ᠢ ᠴᠤ ᠡᠩᠨᠡᠭᠡ ᠠᠴᠠ ᠬᠤᠴᠤᠷᠤᠭᠤᠯᠵᠤ ᠪᠤᠯᠬᠤ ᠦᠭᠡᠢ᠃ ᠡᠪ ᠬᠠᠮᠳᠤ ᠨᠠᠮ ᠤᠨ ᠭᠡᠰᠢᠬᠦᠨ ᠤ ᠬᠤᠪᠢᠰᠬᠠᠯ ᠬᠢᠬᠦ ᠶᠡᠷᠤᠩᠭᠡᠢ ᠵᠤᠷᠢᠯᠳᠡ ᠪᠤᠯ ᠲᠠᠷᠤᠢ ᠤᠯᠠᠨ ᠲᠦᠮᠡᠨ ᠳᠤ ᠰᠠᠶᠢᠨ ᠰᠠᠶᠢᠬᠠᠨ ᠠᠮᠢᠳᠤᠷᠠᠯ ᠡᠳ᠋ᠯᠡᠬᠦᠯᠬᠦ ᠶᠠᠪᠤᠳᠠᠯ ᠪᠤᠯᠤᠨ᠎ᠡ᠃ ᠡᠶᠢᠮᠤ ᠠᠴᠠ᠂ ᠡᠷᠭᠡᠪᠰᠢ ᠶᠠᠳᠠᠭᠤ ᠬᠦᠴᠢᠷᠳᠡᠯᠳᠡᠢ ᠡᠷᠤᠭᠡ ᠶᠢ ᠬᠠᠪᠰᠤᠷᠤᠨ ᠲᠡᠤᠡᠬᠦᠬᠦ ᠡᠷᠴᠢᠮ ᠢᠶᠠᠨ ᠴᠢᠩᠭᠠᠷᠠᠭᠤᠯᠵᠤ᠂ ᠬᠠᠮᠤᠬ ᠤᠨ ᠶᠠᠳᠠᠭᠤ ᠬᠦᠴᠢᠷᠳᠡᠯᠳᠡᠢ᠂ ᠬᠠᠮᠤᠬ ᠲᠤᠷᠤᠢ ᠪᠠᠭᠤᠷᠠᠢ ᠬᠦᠮᠤᠰ ᠢ ᠤᠠᠴᠠᠭᠠᠢᠢᠯᠠᠨ ᠬᠠᠷᠠᠭᠠᠯᠵᠠᠵᠤ᠂ ᠲᠡᠳᠡᠨ ᠳᠤ ᠦᠭᠡᠷᠡᠴᠢᠯᠡᠯᠳᠡ ᠨᠡᠭᠡᠭᠡᠯᠲᠡ᠂ ᠬᠦᠭᠵᠢᠯᠳᠡ ᠶᠢᠨ ᠦᠷ᠎ᠡ ᠪᠦᠳᠦᠮᠵᠢ ᠶᠢ ᠨᠢᠭᠡ ᠯᠨ ᠠᠳᠠᠯᠢ ᠡᠳ᠋ᠯᠡᠬᠦᠯᠬᠦ ᠶᠢ ᠪᠠᠳᠤᠯᠠᠬᠤ ᠭᠡᠷᠡᠭᠳᠡᠢ ᠭᠡᠵᠤ ᠨᠠᠶᠢᠳᠠᠨ ᠵᠠᠬᠢᠵᠤ ᠪᠠᠶᠢᠬᠰᠠᠨ᠃

 ᠰᠢᠶ᠋ᠨ ᠵᠢᠶᠠᠩ ᠲᠤᠰᠬᠤᠨ ᠤ ᠶᠠᠳᠠᠭᠤ ᠬᠦᠴᠢᠷᠳᠡᠯᠳᠡᠢ ᠡᠷᠤᠭᠡ ᠶᠢ ᠬᠠᠪᠰᠤᠷᠤᠨ ᠲᠡᠤᠡᠬᠦᠬᠦ ᠲᠤᠬᠠᠢ ᠶᠠᠷᠢᠬᠤ ᠳᠠᠭᠠᠨ᠂ ᠶᠠᠩ ᠬᠤᠨᠭ᠌ ᠮᠨ᠄ ᠪᠢᠳᠡ ᠶᠡᠷᠤᠩᠭᠡᠢ ᠱᠦᠵᠢ ᠰᠢ ᠶᠢᠨ ᠫᠢᠡᠭ ᠤᠨ ᠬᠦᠡᠳᠤ ᠨᠠᠶᠢᠳᠠᠯᠭ᠎ᠠ ᠶᠢ ᠦᠡᠳᠤᠰᠤᠨ ᠳᠡᠭᠡᠨ ᠪᠡᠶᠡᠯᠡᠬᠦᠯᠪᠡ᠃ ᠰᠢᠶ᠋ᠨ ᠵᠢᠶᠠᠩ ᠲᠤᠰᠬᠤᠨ ᠳᠤ᠂ ᠦᠳᠡᠯᠬᠦ ᠠᠴᠠ ᠠᠰᠠᠷᠠᠮᠵᠢ ᠲᠠᠢ᠂ ᠶᠠᠳᠠᠭᠤᠷᠠᠯ ᠢ ᠬᠠᠪᠰᠤᠷᠬᠤ ᠬᠦᠮᠤᠨ ᠲᠠᠢ᠂ ᠪᠠᠰᠨ ᠬᠦᠮᠤᠨ ᠪᠦᠬᠦᠨ ᠤ ᠴᠢᠳᠠᠪᠤᠷᠢ ᠶᠢ ᠪᠦᠷᠢᠨ ᠪᠠᠳᠠᠷᠠᠭᠤᠯᠵᠤ ᠴᠢᠳᠠᠵᠠᠢ᠃ ᠦᠪᠡᠷ ᠢᠶᠠᠨ ᠠᠵᠢᠯ ᠤᠯᠬᠤ ᠴᠢᠳᠠᠪᠤᠷᠢ ᠲᠠᠢ ᠶᠢ ᠨᠢ ᠪᠢᠳᠡ ᠠᠷᠭ᠎ᠠ ᠪᠦᠬᠦᠨ ᠢ ᠰᠦᠪᠡᠭᠴᠢᠯᠡᠨ ᠲᠡᠳᠡᠨ ᠢ ᠬᠠᠪᠰᠤᠷᠴᠤ ᠠᠵᠢᠯ ᠤᠯᠭᠤᠪᠡ᠃ ᠲᠤᠰᠬᠤᠨ ᠤ ᠬᠠᠷᠠᠭ᠎ᠠ ᠪᠠᠨ ᠠᠯᠳᠠᠭᠰᠠᠨ ᠸᠡᠩ ᠵᠢᠶᠠᠨ ᠹᠡ ᠪᠤᠯ ᠲᠡᠷᠤᠢ ᠲᠡᠳᠡᠭᠡᠷ ᠤᠨ ᠲᠤᠳᠤᠷᠠᠬᠢ ᠨᠢᠭᠡ ᠵᠢᠱᠢᠶ᠎ᠡ ᠪᠤᠯᠤᠨ᠎ᠡ᠃ ᠲᠡᠷᠨ ᠬᠠᠷᠠᠭ᠎ᠠ ᠦᠭᠡᠢ ᠪᠤᠯᠪᠠᠴᠤ᠂ ᠪᠡᠶ ᠎ᠡ ᠨᠢ ᠶᠡᠭᠡ ᠰᠠᠶᠢᠨ᠂ ᠲᠤᠰᠬᠤᠨ ᠤ ᠨᠠᠮ ᠤᠨ ᠡᠬᠦᠷ ᠤᠨ ᠱᠦᠵᠢ ᠲᠡᠬᠦᠨ ᠢ ᠰᠤᠬᠤᠷᠴᠤᠳ ᠤᠨ ᠢᠯᠢᠵᠤ ᠨᠤᠬᠤᠯᠠᠬᠤ ᠲᠡᠪᠳᠡᠨ ᠪᠤᠯᠪᠠᠰᠤᠷᠠᠭᠤᠯᠬᠤ ᠠᠩᠬᠢ ᠳᠤ ᠲᠠᠨᠢᠯᠴᠠᠭᠤᠯᠤᠨ ᠤᠷᠤᠯᠴᠠᠭᠤᠯᠵᠠᠢ᠂ ᠤᠳᠤᠬᠠᠨ ᠳᠤ ᠰᠡᠷ᠎ᠡ ᠳᠤ ᠲᠠᠪᠤ ᠵᠢᠷᠭᠤᠭᠠᠨ ᠮᠢᠩᠭᠠᠨ ᠲᠦᠬᠦᠷᠢᠭ ᠤᠯᠵᠤ ᠪᠠᠶᠢᠨ᠎ᠡ᠃ ᠲᠤᠰᠬᠤᠨ ᠤ ᠲᠤᠳᠤᠷᠠᠬᠢ ᠨᠢᠭᠡ ᠪᠦᠯᠦᠭ ᠠᠵᠢᠯᠯᠠᠭ᠎ᠠ ᠪᠠᠷ ᠲᠡᠤᠡᠬᠦᠬᠦ ᠲᠦᠷᠦᠯ ᠵᠦᠢᠯ ᠳᠤ ᠪᠠᠰᠨ ᠶᠠᠳᠠᠭᠤ ᠬᠦᠴᠢᠷᠳᠡᠯᠳᠡᠢ ᠡᠷᠤᠭᠡ ᠶᠢ ᠢᠯᠡᠬᠦᠤ ᠲᠤᠬᠢᠷᠠᠭᠤᠯᠤᠨ ᠤᠷᠤᠯᠴᠠᠭᠤᠯᠵᠠᠢ ᠭᠡᠵᠤ ᠭᠡᠯᠡᠨ᠎ᠡ᠃

 ᠨᠠᠮᠤᠷ ᠤᠨ ᠪᠤᠷᠤᠭᠠᠨ ᠵᠤᠬᠰᠤᠰᠢ ᠦᠭᠡᠢ ᠤᠷᠤᠵᠦ ᠪᠠᠶᠢᠪᠠᠴᠤ᠂ ᠰᠢᠶ᠋ᠨ ᠵᠢᠶᠠᠩ ᠲᠤᠰᠬᠤᠨ ᠤ ᠲᠤᠮᠤ ᠵᠡᠭᠡᠯᠢ ᠵᠢᠵᠢᠭ ᠭᠤᠳᠤᠮᠵᠢ ᠪᠠᠷ ᠪᠦᠷ ᠭᠠᠳᠠᠷ ᠤᠷᠤᠨ ᠤ ᠵᠤᠭᠠᠴᠠᠬᠰᠠᠳ ᠲᠤᠭᠤᠷᠢᠵᠤ ᠪᠠᠶᠢᠨ᠎ᠡ᠃ ᠤᠡᠴᠨ ᠭᠠᠷᠤᠯᠳᠡ ᠶᠢᠨ ᠲᠡᠯᠭᠡᠬᠦᠷ ᠲᠤ᠂ ᠠᠷᠠᠳ ᠤᠨ ᠵᠠᠩ ᠵᠠᠩᠰᠢᠯ ᠤᠨ ᠦᠵᠡᠬᠦᠯᠦᠯᠭᠡ ᠶᠢᠨ ᠲᠠᠶᠢᠰᠨ ᠶᠢᠨ ᠡᠮᠤᠨ᠎ᠡ᠂ ᠬᠦᠮᠤᠨ ᠬᠠᠷ᠎ᠡ ᠴᠤᠬᠯᠠᠷᠠᠵᠤ ᠯᠨ ᠪᠠᠶᠢᠯ᠎ᠡ᠃ ᠶᠡᠩ ᠬᠤᠨᠭ᠌ ᠮᠨ ᠰᠡᠤᠡᠬᠢᠯ ᠲᠤᠬᠳᠤᠯᠤᠬᠰᠠᠭᠠᠷ᠄ ᠤᠳᠤ᠂ ᠪᠢ ᠶᠡᠷᠤᠩᠭᠡᠢ ᠱᠦᠵᠢ ᠰᠢ ᠶᠢᠨ ᠫᠢᠡᠭ ᠳᠤ ᠭᠡᠯᠡᠵᠤ ᠦᠭᠬᠦ ᠨᠢ᠂ ᠲᠤᠰᠬᠤᠨ ᠳᠤ ᠨᠢᠭᠡᠨᠳᠡ ᠤᠠᠴᠨ ᠶᠠᠳᠠᠭᠤ ᠬᠦᠴᠢᠷᠳᠡᠯᠳᠡᠢ ᠡᠷᠤᠭᠡ ᠭᠡᠵᠤ ᠪᠠᠶᠢᠬᠤ ᠦᠭᠡᠢ ᠪᠤᠯᠵᠠᠢ᠃ ᠲᠤᠰᠬᠤᠨ ᠤ ᠠᠷᠠᠳ ᠤᠨ ᠬᠦᠮᠤᠨ ᠲᠤᠮᠳᠠᠴᠢ ᠶᠢᠨ ᠴᠡᠪᠡᠷ ᠤᠷᠤᠯᠭ᠎ᠠ ᠵᠢᠯ ᠵᠢᠯ ᠠᠴᠠ ᠪᠠᠨ ᠶᠡᠭᠡ ᠦᠰᠦᠷᠤᠯᠳᠡ ᠲᠠᠢ ᠪᠤᠯᠤᠯ᠎ᠡ᠃ ᠭᠡᠷ ᠪᠤᠯᠭᠠᠨ ᠪᠦᠷ ᠸᠠᠭᠠᠷ ᠲᠤᠭᠤᠰᠬᠠᠨ ᠠᠰᠠᠷ ᠲᠠᠢ ᠪᠤᠯᠵᠤ᠂ ᠤᠯᠠᠩᠬᠢ ᠭᠡᠷ ᠨᠢ ᠰᠡᠦᠭᠡ ᠮᠠᠰᠢᠨ ᠲᠠᠢ ᠪᠤᠯᠤᠯ᠎ᠡ ᠭᠡᠵᠤ ᠭᠡᠯᠡᠵᠤ ᠪᠠᠶᠢᠯ᠎ᠡ᠃

 ᠡᠳᠡᠭᠡᠷ ᠪᠦᠬᠦᠨ ᠳᠤ ᠶᠡᠷᠤᠩᠭᠡᠢ ᠱᠦᠵᠢ ᠶᠢᠨ ᠬᠦᠴᠤ ᠬᠦᠯᠦᠰᠤ ᠰᠢᠩᠭᠡᠵᠤ ᠪᠠᠶᠢᠳᠠᠬ᠃ ᠰᠢᠶ᠋ᠨ ᠵᠢᠶᠠᠩ ᠲᠤᠰᠬᠤᠨ ᠤ ᠵᠠᠬ᠎ᠠ ᠳᠠᠬᠢ ᠯᠠᠩ ᠴᠢᠶᠤᠤ ᠬᠦᠬᠦᠷᠭᠡ ᠶᠢᠨ ᠬᠦᠪᠡᠭᠡᠨ ᠳᠤ᠂ ᠰᠧ ᠶᠤᠸᠠᠨ ᠲᠢᠩ ᠭᠡᠳᠡᠭ ᠲᠢᠩᠽᠢ ᠪᠠᠷᠢᠪᠡ᠃ ᠵᠢᠶᠠᠩ ᠶᠢᠨ ᠰᠢᠶᠠᠩ ᠦᠷᠭᠦᠯᠵᠢ ᠡᠩᠭᠡᠷ ᠲᠡᠭᠡᠷ᠎ᠡ ᠪᠠᠨ ᠯᠠᠪᠠᠷ ᠲᠡᠬᠦᠵᠢᠯᠠᠭᠡᠳ ᠵᠤᠭᠠᠴᠠᠬᠰᠠᠳ ᠲᠤ ᠠᠯᠪᠠᠨ ᠵᠢᠷᠤᠮ ᠤᠨ ᠲᠠᠶᠢᠯᠪᠤᠷᠢᠯᠠᠬᠴᠢ ᠪᠤᠯᠵᠤ ᠶᠠᠪᠤᠨ᠎ᠡ ᠁

 ᠰᠢ ᠱᠦᠵᠢ ᠵᠧᠵᠢᠶᠠᠩ ᠠᠴᠠ ᠰᠠᠯᠤᠬᠰᠠᠨ ᠪᠤᠯᠪᠠᠴᠤ᠂ ᠰᠢᠶ᠋ᠨ ᠵᠢᠶᠠᠩ ᠲᠤᠰᠬᠤᠨ ᠤ ᠲᠦᠯᠦᠭᠡ ᠰᠠᠨᠠᠭᠠᠰᠢᠷᠠᠵᠦ ᠠᠩᠬᠠᠷᠤᠬᠰᠠᠭᠠᠷ ᠢᠷᠡᠪᠡ᠃ 2007 ᠤᠨ ᠤ 3 ᠰᠠᠷ᠎ᠡ ᠶᠢᠨ 25᠎ ᠤ ᠡᠳᠤᠷ᠂ ᠲᠡᠷᠨ ᠱᠠᠩᠬᠠᠢ ᠳᠤ ᠤᠴᠢᠵᠤ ᠠᠵᠢᠯᠯᠠᠩᠭᠤᠳᠡ ᠵᠡᠪ ᠴᠢᠯᠦᠭᠡ ᠪᠠᠨ ᠦᠵᠡᠵᠤ ᠰᠢᠶ᠋ᠨ ᠵᠢᠶ᠋ᠨᠩ ᠲᠤᠰᠬᠤᠨ ᠳᠤ ᠵᠠᠬᠢᠳᠠᠯ ᠪᠢᠴᠢᠪᠡ᠄ ᠰᠢᠶ᠋ᠨ ᠵᠢᠶ᠋ᠨᠩ ᠲᠤᠰᠬᠤᠨ ᠪᠤᠯ ᠮᠢᠨᠤ ᠦᠡᠳᠤᠰᠤᠨ ᠱᠠᠳᠤᠨ ᠤ ᠬᠠᠷᠢᠯᠴᠠᠬᠤ ᠴᠢᠬ ᠮᠦᠨ᠃ ᠡᠨᠡ ᠭᠡᠳᠤᠨ ᠵᠢᠯ ᠪᠢ ᠰᠢᠶ᠋ᠨ ᠵᠢᠶ᠋ᠨᠩ ᠲᠤᠰᠬᠤᠨ ᠤ ᠪᠦᠳᠦᠭᠡᠨ ᠪᠠᠶᠢᠭᠤᠯᠤᠯᠳᠡ ᠪᠡ ᠬᠦᠭᠵᠢᠯᠳᠡ ᠶᠢᠨ ᠲᠦᠯᠦᠭᠡ ᠰᠠᠨᠠᠭᠠᠰᠢᠷᠠᠨ᠂ ᠲᠤᠰᠬᠤᠨ ᠤ ᠠᠷᠠᠳ ᠤᠨ ᠦᠢᠯᠡᠤᠡᠪᠤᠷᠢᠯᠡᠯ ᠪᠤᠯᠤᠨ ᠠᠮᠢᠳᠤᠷᠠᠯ ᠢ ᠠᠩᠬᠠᠷᠴᠤ ᠶᠠᠪᠤᠵᠠᠢ᠃ ᠪᠢ ᠪᠠᠷᠤᠬ ᠵᠢᠯ ᠪᠦᠷᠢ ᠨᠢᠭᠡ ᠤᠳᠠᠭ᠎ᠠ ᠲᠤᠰᠬᠤᠨ ᠳᠤ ᠤᠴᠢᠳᠠᠬ᠂ ᠲᠤᠰᠬᠤᠨ ᠤ ᠠᠷᠠᠳ ᠲᠠᠢ ᠵᠤᠭᠤᠬ ᠲᠡᠯᠭᠡᠬᠦ ᠪᠠᠷ ᠲᠠᠮᠵᠢᠨ ᠲᠡᠳᠡᠨ ᠤ ᠰᠡᠤᠡᠬᠢᠯ ᠤᠨ ᠦᠭᠡ ᠶᠢ ᠰᠤᠨᠤᠰᠴᠤ᠂ ᠬᠦᠳᠡᠭᠡ ᠲᠤᠰᠬᠤᠨ ᠤ ᠪᠠᠶᠢᠳᠠᠯ ᠢ ᠨᠡᠯᠢᠶᠡᠳ ᠦᠢᠯᠠᠭᠠᠨ᠂ ᠪᠠᠰᠨ ᠨᠡᠯᠢᠶᠡᠳ ᠤᠯᠠᠨ ᠲᠠᠷᠢᠶᠠᠴᠢᠨ ᠠᠬ᠎ᠠ ᠲᠡᠬᠦᠤ ᠨᠠᠷ ᠲᠠᠢ ᠪᠤᠯᠵᠠᠢ᠃ ᠴᠦᠨ ᠠᠨ ᠰᠢᠶᠠᠨ ᠵᠢᠴᠢ ᠹᠸᠡᠭ ᠱᠦ ᠯᠢᠩ ᠪᠠᠯᠭᠠᠰᠤᠨ ᠤ ᠨᠠᠮ ᠤᠨ ᠬᠤᠷᠢᠶ᠎ᠡ᠂ ᠵᠠᠰᠠᠬ ᠤᠨ ᠤᠷᠳᠤᠨ ᠪᠤᠯᠤᠨ ᠰᠢᠶ᠋ᠨ ᠵᠢᠶ᠋ᠨᠩ ᠲᠤᠰᠬᠤᠨ ᠤ ᠨᠠᠮ ᠤᠨ ᠡᠬᠦᠷ᠂ ᠲᠤᠰᠬᠤᠨ ᠤ ᠵᠦᠪᠯᠡᠯ ᠮᠢᠨᠤ ᠠᠵᠢᠯ ᠢ ᠨᠡᠶᠢᠳᠡᠮ ᠲᠡᠮᠵᠢᠭᠰᠡᠭᠡᠷ ᠢᠷᠡᠪᠡ᠂ ᠡᠬᠦᠨ ᠳᠤ ᠪᠢ ᠮᠠᠰᠢ ᠲᠠᠯᠠᠷᠬᠠᠵᠤ ᠪᠤᠢ᠃ ᠤᠷᠴᠢᠮ ᠲᠦᠪ ᠬᠤᠷᠢᠶ᠎ᠡ ᠲᠤᠬᠳᠠᠭᠠᠯ ᠭᠠᠷᠭᠠᠵᠤ ᠨᠠᠮᠠᠢᠢ ᠱᠠᠩᠬᠠᠢ ᠳᠤ ᠤᠴᠢᠵᠤ ᠲᠤᠰᠢᠶᠠᠯ ᠡᠬᠦᠷᠭᠡᠯᠡᠬᠦᠯᠬᠦ ᠪᠠᠷ ᠪᠤᠯᠵᠠᠢ᠂ ᠴᠠᠬ ᠪᠠᠴᠢᠮ ᠪᠤᠯᠬᠤᠷ ᠲᠠᠬᠢᠵᠤ ᠲᠤᠰᠬᠤᠨ ᠳᠤ ᠤᠴᠢᠵᠤ ᠠᠬ᠎ᠠ ᠲᠡᠬᠦᠤ ᠨᠠᠷ ᠲᠠᠢ ᠵᠤᠭᠤᠬᠳᠠᠵᠦ ᠶᠠᠷᠢᠯᠴᠠᠵᠦ ᠴᠢᠳᠠᠬᠰᠡᠨ ᠦᠭᠡᠢ ᠳᠡᠭᠡᠨ ᠬᠠᠷᠠᠮᠰᠠᠵᠤ ᠪᠠᠶᠢᠬᠤ ᠮᠦᠷᠳᠡᠭᠡᠨ ᠰᠠᠨᠠᠭ᠎ᠠ ᠪᠤᠯᠵᠤ ᠪᠠᠶᠢᠨ᠎ᠡ ᠁᠃

 ᠱᠠᠩᠬᠠᠢ ᠳᠤ ᠤᠴᠢᠬᠰᠠᠨ ᠤ ᠲᠠᠷᠠᠭ᠎ᠠ᠂ ᠰᠢ ᠱᠦᠵᠢ ᠪᠠᠰᠨ ᠰᠢᠶ᠋ᠨ ᠵᠢᠶ᠋ᠨᠩ ᠲᠤᠰᠬᠤᠨ ᠤ ᠤᠯᠠᠨ ᠲᠦᠮᠡᠨ ᠢ ᠮᠡᠷᠳᠡᠬᠰᠠᠨ ᠦᠭᠡᠢ᠃ ᠲᠡᠷᠨ ᠲᠤᠰᠬᠠᠢᠢᠯᠠᠨ ᠵᠧᠵᠢᠶᠠᠩ ᠮᠤᠵᠢ ᠶᠢᠨ ᠨᠠᠮ ᠤᠨ ᠬᠤᠷᠢᠶ᠎ᠡ ᠶᠢᠨ ᠠᠯᠪᠠᠨ ᠲᠢᠩᠬᠢᠮ ᠳᠤ ᠴᠠᠬᠢᠯᠭᠠᠨ ᠮᠡᠳᠡᠭᠡ ᠶᠠᠪᠤᠭᠤᠯᠵᠤ᠂ ᠰᠢᠶ᠋ᠨ ᠵᠢᠶ᠋ᠨᠩ ᠲᠤᠰᠬᠤᠨ ᠤ ᠪᠠᠰᠨ ᠨᠢᠭᠡ ᠪᠦᠯᠦᠭ ᠲᠦᠷᠦᠯ ᠵᠦᠢᠯ ᠢ ᠨᠠᠶᠢᠳᠠᠪᠤᠷᠢᠵᠢᠭᠤᠯᠵᠤ ᠲᠡᠶᠢᠯᠦᠭᠡᠳᠤᠢ ᠪᠠᠶᠢᠬᠰᠠᠭᠠᠷ᠂ ᠬᠠᠮᠢᠶ᠎ᠡ ᠪᠦᠬᠦᠢ ᠰᠠᠯᠠᠭ᠎ᠠ ᠮᠦᠴᠢᠷ ᠢ ᠵᠤᠬᠢᠶᠠᠨ ᠪᠠᠶᠢᠭᠤᠯᠵᠤ ᠰᠢᠶ᠋ᠨ ᠵᠢᠶ᠋ᠨᠩ ᠲᠤᠰᠬᠤᠨ ᠤ ᠡᠯ᠎ᠡ ᠵᠦᠢᠯ ᠤᠨ ᠠᠵᠢᠯ ᠵᠢᠴᠢ ᠪᠦᠳᠦᠭᠡᠨ ᠪᠠᠶᠢᠭᠤᠯᠤᠯᠳᠡ ᠶᠢᠨ ᠲᠦᠷᠦᠯ ᠵᠦᠢᠯ ᠤᠨ ᠲᠤᠬᠠᠢ ᠪᠠᠶᠢᠴᠠᠭᠠᠨ ᠰᠤᠳᠤᠯᠤᠯᠳᠡ ᠬᠢᠵᠦ ᠲᠦᠷᠦᠯ ᠵᠦᠢᠯ ᠢ ᠨᠠᠶᠢᠳᠠᠪᠤᠷᠢᠵᠢᠭᠤᠯᠬᠤ ᠶᠢ ᠪᠠᠳᠤᠯᠠᠵᠦ ᠳᠡᠶᠢᠯᠦᠨ᠎ᠡ ᠤᠤ ᠭᠡᠵᠡᠢ᠃ ᠲᠡᠷᠡ ᠵᠢᠯ ᠳᠤ᠂ ᠮᠠᠨ ᠤ ᠰᠢᠶ᠋ᠨ ᠵᠢᠶ᠋ᠨᠩ ᠲᠤᠰᠬᠤᠨ ᠤ ᠨᠠᠮ ᠤᠨ ᠶᠡᠷᠤᠩᠭᠡᠢ ᠡᠬᠦᠷ ᠪᠠᠶᠢᠭᠤᠯᠤᠬᠳᠠᠪᠡ᠃

 2011 ᠤᠨ ᠤ ᠴᠠᠭᠠᠨ ᠰᠠᠷ ᠎ᠡ ᠠᠴᠠ ᠡᠮᠤᠨᠡᠭᠡᠨ᠂ ᠲᠤᠰᠬᠤᠨ ᠤ ᠤᠯᠠᠨ ᠲᠦᠮᠡᠨ ᠶᠡᠷᠤᠩᠭᠡᠢ ᠱᠦᠵᠢ ᠰᠢ ᠶᠢᠨ ᠫᠢᠡᠭ ᠳᠤ ᠰᠡᠳᠬᠢᠯᠭᠡ ᠬᠦᠨ ᠵᠠᠬᠢᠳᠠᠯ ᠪᠢᠴᠢᠵᠤ᠂ ᠠᠬᠠᠮᠠᠳ ᠤᠳᠤᠷᠢᠳᠤᠯᠭ᠎ᠠ ᠲᠠᠬᠢᠨ ᠰᠢᠶ᠋ᠨ ᠵᠢᠶ᠋ᠨᠩ ᠲᠤᠰᠬᠤᠨ ᠳᠤ ᠢᠷᠡᠵᠤ᠂ ᠠᠭᠤᠯᠠᠨ ᠵᠠᠮ ᠢᠶᠠᠷ ᠶᠠᠪᠤᠵᠤ᠂ ᠲᠠᠷᠢᠶᠠᠴᠢᠨ ᠠᠶᠢᠯ ᠤᠨ ᠵᠢᠵᠢᠭ ᠰᠠᠠᠳᠠᠯᠢ ᠲᠡᠭᠡᠷ᠎ᠡ ᠰᠠᠭᠤᠵᠤ᠂ ᠤᠯᠠᠨ ᠲᠦᠮᠡᠨ ᠤ ᠰᠡᠤᠡᠬᠢᠯ ᠤᠨ ᠦᠭᠡ ᠶᠢ ᠰᠤᠨᠤᠰᠬᠤ ᠪᠤᠯᠪᠠᠤ ᠭᠡᠵᠤ ᠤᠷᠢᠪᠡ᠃

 ᠲᠡᠮᠠᠢ ᠤᠳᠠᠬᠰᠠᠨ ᠦᠭᠡᠢ᠂ ᠲᠤᠰᠬᠤᠨ ᠤ ᠨᠠᠮ ᠤᠨ ᠡᠬᠦᠷ ᠪᠡᠭᠡᠵᠢᠩ ᠠᠴᠠ ᠢᠯᠡᠭᠡᠭᠰᠡᠨ ᠵᠠᠬᠢᠳᠠᠯ ᠢ ᠭᠠᠷᠳᠡᠪᠡ — ᠰᠢ ᠶᠢᠨ ᠫᠢᠡᠭ ᠨᠦᠬᠦᠷ ᠰᠢᠶ᠋ᠨ ᠵᠢᠶ᠋ᠨᠩ ᠲᠤᠰᠬᠤᠨ ᠳᠤ ᠬᠠᠷᠢᠭᠤ ᠵᠠᠬᠢᠳᠠᠯ ᠢᠯᠡᠭᠡᠯ᠎ᠡ︕

 ᠰᠢᠶ᠋ᠨ ᠵᠢᠶ᠋ᠨᠩ ᠲᠤᠰᠬᠤᠨ ᠤ ᠨᠠᠮ ᠤᠨ ᠶᠡᠷᠦᠩᠬᠡᠢ ᠡᠬᠦᠷ᠂ ᠲᠤᠰᠬᠤᠨ ᠤ ᠬᠤᠶᠠᠷ ᠵᠦᠪᠯᠡᠯ᠄ ᠢᠯᠡᠭᠡᠭᠰᠡᠨ ᠵᠡᠬᠢᠳᠡᠯ ᠢ ᠴᠢᠨᠢ ᠬᠤᠷᠢᠶᠠᠵᠦ ᠤᠯᠵᠠᠢ᠂ ᠤᠡᠭᠰᠢᠬᠤ ᠳᠤ ᠰᠡᠤᠡᠬᠢᠯ ᠲᠤᠳᠤᠷ᠎ᠡ ᠮᠠᠰᠢ ᠳᠤᠲᠤᠨᠤ᠃ ᠪᠢ ᠵᠧᠵᠢᠶᠡᠩ ᠳᠤ ᠠᠵᠢᠯᠯᠠᠵᠤ ᠪᠠᠶᠢᠬᠰᠠᠨ ᠬᠤᠭᠤᠴᠠᠭᠠᠨ ᠳᠤ᠂ 4 ᠤᠳᠠᠭ᠎ᠠ ᠰᠢᠶ᠋ᠨ ᠵᠢᠶ᠋ᠨᠩ ᠲᠤᠰᠬᠤᠨ ᠳᠤ ᠤᠴᠢᠵᠤ ᠪᠠᠶᠢᠴᠠᠭᠠᠨ ᠰᠤᠳᠤᠯᠤᠯᠳᠡ ᠬᠢᠵᠤ ᠦᠡᠭᠭᠡᠷᠡᠯ᠎ᠡ᠂ ᠲᠤᠰᠬᠤᠨ ᠤ ᠠᠷᠠᠳ ᠲᠠᠢ ᠰᠠᠯᠤᠰᠢ ᠦᠭᠡᠢ ᠪᠠᠷᠢᠯᠳᠤᠯᠭ᠎ᠠ ᠲᠠᠢ ᠶᠤᠮ᠃ ᠨᠢᠳᠤ ᠢᠷᠮᠡᠬᠦ ᠶᠢᠨ ᠵᠠᠭᠤᠷ᠎ᠡ᠂ ᠪᠢ ᠵᠧᠵᠢᠶᠡᠩ ᠠᠴᠠ ᠰᠠᠯᠤᠭᠠᠳ 4 ᠵᠢᠯ ᠪᠤᠯᠴᠢᠬᠠᠯ᠎ᠡ᠃ 4 ᠵᠢᠯ ᠤᠨ ᠲᠤᠷᠰᠢ᠂ ᠲᠤᠰᠬᠤᠨ ᠤ ᠨᠠᠮ ᠤᠨ ᠡᠬᠦᠷ᠂ ᠲᠤᠰᠬᠤᠨ ᠤ ᠵᠦᠪᠯᠠᠯ ᠤᠨ ᠤᠳᠤᠷᠢᠳᠤᠯᠭ᠎ᠠ ᠲᠤᠤᠷ᠎ᠡ᠂ ᠰᠢᠶ᠋ᠨ ᠵᠢᠶ᠋ᠨᠩ ᠲᠤᠰᠬᠤᠨ ᠪᠠᠰᠨ ᠰᠢᠨ᠎ᠡ ᠬᠤᠪᠢᠷᠠᠯᠳᠡ ᠲᠠᠢ ᠪᠤᠯᠵᠤ᠂ ᠠᠵᠤ ᠠᠬᠤᠢ ᠦᠷᠬᠦᠯᠵᠢᠯᠡᠨ ᠬᠦᠭᠵᠢᠵᠤ᠂ ᠲᠤᠰᠬᠤᠨ ᠤ ᠲᠦᠷᠢ ᠲᠦᠷᠬᠦ ᠨᠡᠩ ᠰᠠᠶᠢᠵᠢᠷᠠᠵᠤ᠂ ᠤᠯᠠᠨ ᠲᠦᠮᠡᠨ ᠤ ᠠᠮᠢᠳᠤᠷᠠᠯ ᠤᠯᠠᠮ ᠠᠴᠠ ᠤᠯᠠᠮ ᠴᠢᠨᠡᠭᠡᠯᠢᠭ ᠪᠤᠯᠪᠡ᠃ ᠡᠬᠦᠨ ᠳᠤ᠂ ᠪᠢ ᠴᠢᠩ ᠰᠡᠤᠡᠬᠢᠯ ᠠᠴᠠ ᠪᠠᠨ ᠪᠠᠶᠠᠷᠯᠠᠵᠤ ᠪᠠᠶᠢᠨ᠎ᠡ ᠁ ᠪᠦᠬᠦ ᠲᠤᠰᠬᠤᠨ ᠤ ᠺᠠᠳ᠋ᠷ ᠤᠯᠨᠨ ᠲᠦᠮᠡᠨ ᠤ ᠠᠮᠤᠷ ᠮᠡᠡᠳᠤ ᠶᠢ ᠠᠰᠠᠭᠤᠵᠤ᠂ ᠤᠯᠠᠨ ᠲᠦᠮᠡᠨ ᠤ ᠠᠮᠢᠳᠤᠷᠠᠯ ᠡᠳᠤᠷ ᠠᠴᠠ ᠡᠳᠤᠷ ᠰᠠᠶᠢᠵᠢᠷᠠᠬᠤ ᠶᠢ ᠵᠦᠩᠨᠡᠵᠦ ᠪᠠᠶᠢᠬᠤ ᠶᠢ ᠲᠠᠮᠵᠢᠭᠤᠯᠤᠨ ᠦᠭᠬᠦ ᠶᠢ ᠬᠦᠰᠡᠵᠤ ᠪᠠᠶᠢᠨ᠎ᠡ ᠭᠡᠪᠡ᠃

 ᠦᠵᠡᠭᠡᠴᠢ︕ ᠤᠳᠤᠬᠠᠨ ᠳᠤ᠂ ᠰᠢ ᠶᠢᠨ ᠫᠢᠡᠭ ᠨᠦᠬᠦᠷ ᠤᠨ ᠬᠦᠨ ᠵᠤᠵᠠᠭᠠᠨ ᠬᠠᠶᠢᠷ᠎ᠡ ᠪᠢᠯᠬᠠᠮ᠎ᠡ ᠵᠠᠬᠢᠳᠠᠯ ᠨᠢ ᠰᠧ ᠶᠤᠸᠠᠨ ᠲᠢᠩ ᠤᠨ ᠡᠨᠡᠬᠦ ᠴᠢᠯᠠᠭᠤᠨ ᠬᠦᠰᠢᠶ᠎ᠡ ᠲᠡᠭᠡᠷ᠎ᠡ ᠲᠤᠪ ᠲᠤᠳᠤᠷᠬᠠᠢ ᠰᠡᠶᠢᠯᠦᠭᠳᠡᠭᠡᠳ ᠪᠠᠶᠢᠨ᠎ᠡ︕

 ᠨᠠᠮᠤᠷ ᠤᠨ ᠪᠤᠷᠤᠭᠠᠨ ᠦᠷᠬᠦᠯᠵᠢᠯᠡᠭᠰᠡᠭᠡᠷ᠂ ᠵᠢᠶᠠᠩ ᠶᠢᠨ ᠰᠢᠶᠠᠩ ᠢᠨᠢᠶᠡᠳᠦ ᠲᠤᠳᠤᠷᠠᠭᠤᠯᠤᠨ ᠲᠠᠶᠢᠯᠪᠤᠷᠢᠯᠠᠬᠤ ᠳᠤ ᠰᠡᠳᠬᠢᠯ ᠵᠢᠷᠦᠬᠡᠨ ᠳᠤᠨᠢ ᠡᠷᠬᠡ ᠦᠭᠡᠢ ᠬᠠᠯᠠᠭᠤᠨ ᠰᠠᠨᠠᠭᠳᠠᠨ᠎ᠠ︕

 (2017 ᠤᠨ ᠤ 12 ᠰᠠᠷ᠎ᠡ ᠶᠢᠨ 28᠎ ᠤ ᠡᠳᠤᠷ ᠤᠨ ᠠᠷᠠᠳ ᠤᠨ ᠡᠳᠤᠷ ᠤᠨ ᠰᠤᠨᠢᠨ ᠠᠴᠠ ᠪᠠᠭᠤᠯᠭᠠᠪᠡ)

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com