ᠲᠤᠮᠤ ᠤᠯᠤᠰ ᠤᠨ ᠤᠳᠤᠷᠢᠳᠬᠤ ᠬᠦᠮᠥᠨ ᠤ ᠠᠷᠠᠳ ᠲᠦᠮᠡᠨ ᠢ ᠪᠤᠳᠤᠬᠤ ᠰᠡᠳᠬᠢᠯᠬᠡ ᠪᠤᠯᠤᠨ ᠡᠬᠦᠷᠬᠡ ᠡᠬᠦᠷᠬᠡᠯᠡᠬᠦ ᠪᠤᠳᠤᠯ ᠢ ᠮᠠᠭᠳᠠᠨ ᠰᠠᠶᠢᠰᠢᠶᠠᠨᠠᠮ

  — ᠲᠡᠯᠡᠬᠡᠢ ᠨᠡᠶᠢᠬᠡᠮ ᠢᠶᠠᠷ ᠢᠶᠠᠨ ᠲᠡᠷᠢᠬᠦᠯᠡᠭᠴᠢ ᠰᠢ ᠶᠢᠨ ᠫᠢᠩ ᠤᠨ ᠰᠢᠨ᠎ᠡ ᠵᠢᠯ ᠤᠨ ᠪᠠᠶᠠᠷ ᠤᠨ ᠦᠬᠡ ᠶᠢ ᠬᠦᠭᠵᠢᠶᠡᠨᠳᠡᠢ ᠶᠠᠷᠢᠯᠴᠠᠵᠤ ᠪᠠᠶᠢᠨ᠎ᠠ

  ᠰᠢᠨ᠎ᠡ ᠵᠢᠯ ᠠᠴᠠ ᠡᠮᠤᠨᠡᠬᠡᠨ᠂ ᠤᠯᠤᠰ ᠤᠨ ᠲᠡᠷᠢᠬᠦᠯᠡᠭᠴᠢ ᠰᠢ ᠶᠢᠨ ᠫᠢᠩ 2018 ᠤᠨ ᠤ ᠰᠢᠨ᠎ᠡ ᠵᠢᠯ ᠤᠨ ᠪᠠᠶᠠᠷ ᠤᠨ ᠦᠬᠡ ᠨᠡᠶᠢᠳᠡᠯᠡᠪᠡ᠃ ᠪᠠᠶᠠᠷ ᠤᠨ ᠦᠬᠡ ᠳᠤ ᠠᠷᠠᠳ ᠲᠦᠮᠡᠨ ᠳᠤ ᠪᠤᠶᠠᠨ ᠦᠢᠯᠡᠳᠬᠦ ᠬᠦᠨ ᠵᠤᠵᠠᠭᠠᠨ ᠬᠠᠶᠢᠷ᠎ᠡ ᠰᠡᠳᠬᠢᠯᠬᠡ ᠰᠢᠩᠬᠡᠵᠥ ᠪᠠᠶᠢᠬᠤ ᠪᠦᠭᠡᠳ ᠬᠦᠰᠡᠯ ᠵᠡᠬᠦᠳᠤ ᠶᠢᠨ ᠢᠶᠠᠨ ᠲᠦᠯᠥᠬᠡ ᠲᠡᠮᠡᠴᠡᠬᠦ ᠴᠠᠭ ᠦᠶ᠎ᠡ ᠶᠢᠨ ᠵᠤᠷᠢᠭ ᠰᠠᠨᠠᠭ᠎ᠠ ᠤᠷᠬᠢᠯᠵᠥ᠂ ᠲᠤᠮᠳᠠᠳᠤ ᠤᠯᠤᠰ ᠤᠨ ᠬᠠᠷᠢᠭᠤᠴᠠᠯᠭ᠎ᠠ ᠲᠠᠢ ᠲᠤᠮᠤ ᠤᠯᠤᠰ ᠪᠤᠯᠤᠭᠰᠠᠠ ᠤ ᠠᠮᠠᠯᠠᠯᠳᠡ ᠪᠤᠯᠤᠨ ᠡᠬᠦᠷᠬᠡᠯᠡᠯ ᠢ ᠢᠯᠡᠷᠡᠬᠦᠯᠪᠡ᠃

  ᠭᠠᠳᠠᠭᠠᠳᠤ ᠶᠢᠨ ᠡᠯ᠎ᠡ ᠡᠳᠡᠭᠡᠳ ᠤᠨ ᠬᠦᠮᠥᠰ ᠲᠤᠮᠳᠠᠳᠤ ᠤᠯᠤᠰ ᠤᠨ ᠬᠦᠭᠵᠢᠯᠳᠡ ᠶᠢᠨ ᠠᠮᠵᠢᠯᠳᠠ ᠶᠢ ᠮᠠᠭᠳᠠᠨ ᠰᠠᠶᠢᠰᠢᠶᠠᠵᠥ᠂ ᠲᠡᠯᠡᠬᠡᠢ ᠶᠢᠨ ᠠᠷᠠᠳ ᠲᠦᠮᠡᠨ ᠳᠤ ᠪᠤᠶᠠᠨ ᠦᠢᠯᠡᠳᠴᠦ ᠪᠠᠶᠢᠬᠤ ᠶᠢ ᠮᠠᠭᠳᠠᠨ ᠰᠠᠶᠢᠰᠢᠶᠠᠨ᠎ᠠ᠃ᠠᠷᠠᠳ ᠲᠦᠮᠡᠨ ᠲᠠᠢ ᠰᠡᠳᠬᠢᠯ ᠵᠢᠷᠦᠬᠡ ᠪᠠᠨ ᠬᠤᠯᠪᠤᠵᠥ᠂ ᠬᠦᠭᠵᠢᠯᠳᠡ ᠶᠢᠨ ᠠᠮᠵᠢᠯᠳᠡ ᠨᠢ ᠲᠠᠶᠠᠩ ᠲᠡᠯᠡᠬᠡᠢ ᠶᠢᠨ ᠠᠩᠬᠠᠷᠤᠯ ᠢ ᠲᠠᠳᠠᠨ᠎ᠠ

  ᠲᠡᠷᠢᠬᠦᠯᠡᠭᠴᠢ ᠰᠢ ᠶᠢᠨ ᠫᠢᠩ ᠪᠠᠶᠠᠷ ᠤᠨ ᠦᠬᠡ ᠳᠡᠭᠡᠨ᠂ 2017 ᠤᠨ ᠳᠤ᠂ ᠪᠢᠳᠡ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠ ᠶᠢᠰᠦᠳᠦᠭᠡᠷ ᠤᠳᠠᠭ᠎ᠠ ᠶᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠭᠡ ᠬᠤᠷᠡᠯ ᠢ ᠬᠤᠷᠠᠯᠳᠤᠭᠤᠯᠵᠥ᠂ ᠨᠡᠶᠢᠬᠡᠮ ᠵᠢᠷᠤᠮ ᠤᠨ ᠤᠳᠤᠬᠢᠴᠢᠯᠠᠭᠰᠠᠠ ᠤᠯᠤᠰ ᠢ ᠪᠦᠳᠦᠭᠡᠨ ᠪᠠᠶᠢᠭᠤᠯᠬᠤ ᠰᠢᠨ᠎ᠡ ᠠᠶᠠᠨ ᠵᠠᠮ ᠢᠶᠠᠨ ᠡᠬᠢᠯᠡᠬᠦᠯᠪᠡ᠂ ᠰᠢᠨᠵᠢᠯᠡᠬᠦ ᠤᠬᠠᠭᠠᠨ ᠮᠡᠷᠬᠡᠵᠢᠯ ᠤᠨ ᠰᠢᠨ᠎ᠡ ᠡᠬᠦᠳᠦᠯᠳᠡ᠂ ᠴᠢᠬᠤᠯᠠ ᠶᠡᠭᠡ ᠢᠨᠵᠧᠨᠧᠷᠢᠩ ᠤᠨ ᠪᠦᠳᠦᠭᠡᠨ ᠪᠠᠶᠢᠭᠤᠯᠤᠯᠳᠡ ᠠᠴᠠ ᠵᠠᠯᠭᠠᠪᠡᠷ ᠪᠠᠶᠠᠷ ᠤᠨ ᠮᠡᠳᠡᠭᠡ ᠤᠯᠠᠮᠵᠢᠯᠠᠬᠳᠠᠪᠠ᠂ ᠠᠷᠠᠳ ᠤᠯᠠᠨ ᠨᠡᠩ ᠤᠯᠠᠨ ᠬᠦᠷᠳᠡᠮᠵᠢ ᠶᠢᠨ ᠲᠦᠷᠦᠭᠳᠡᠯ᠂ ᠵᠤᠯ ᠵᠢᠷᠭᠠᠯᠳᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠲᠠᠢ ᠪᠤᠯᠵᠠᠢ ᠬᠡᠵᠥ ᠬᠡᠯᠡᠪᠡ᠃

  ᠢᠨᠳᠤᠨᠧᠰᠢᠶ᠎ᠡ ᠶᠢᠨ ᠤᠶᠤᠨ ᠤ ᠬᠦᠮᠦᠷᠬᠡ ᠶᠢᠨ ᠠᠽᠢᠶ᠎ᠠ ᠲᠢᠪ ᠤᠨ ᠰᠢᠨ᠎ᠡ ᠡᠬᠦᠳᠦᠯᠳᠡ ᠶᠢᠨ ᠰᠤᠳᠤᠯᠭᠠᠨ ᠤ ᠲᠦᠪ ᠤᠨ ᠲᠡᠷᠢᠬᠦᠯᠡᠭᠴᠢ ᠪᠠᠨᠪᠠᠩ · ᠰᠦᠷᠶᠤᠤᠨᠣ᠋ ᠲᠧᠯᠸᠢᠰ ᠠᠴᠠ ᠲᠡᠷᠢᠬᠦᠯᠡᠭᠴᠢ ᠰᠢ ᠶᠢᠨ ᠫᠢᠩ ᠤᠨ ᠰᠢᠨ᠎ᠡ ᠵᠢᠯ ᠤᠨ ᠪᠠᠶᠠᠷ ᠤᠨ ᠦᠬᠡ ᠨᠡᠶᠢᠳᠡᠯᠡᠵᠥ ᠪᠠᠶᠢᠬᠤ ᠶᠢ ᠦᠵᠡᠪᠡ᠂ ᠲᠡᠷᠡ᠂ ᠲᠤᠮᠳᠠᠳᠤ ᠤᠯᠤᠰ ᠤᠨ ᠬᠦᠭᠵᠢᠯᠳᠡ ᠠᠷᠠᠳ ᠤᠨ ᠠᠮᠢᠳᠤᠷᠠᠯ ᠤᠨ ᠠᠰᠠᠭᠤᠳᠠᠯ ᠢ ᠢᠮᠠᠬᠳᠡ ᠲᠡᠷᠢᠬᠦᠨ ᠳᠤ ᠲᠠᠯᠪᠢᠵᠥ ᠪᠠᠶᠢᠨ᠎ᠠ᠂ ᠡᠨᠡ ᠨᠢ ᠲᠤᠮᠳᠠᠳᠤ ᠤᠯᠤᠰ ᠤᠨ ᠬᠦᠭᠵᠢᠯᠳᠡ ᠶᠢᠨ ᠡᠴᠤᠰ ᠤᠨ ᠬᠠᠷᠠᠯᠳᠡ ᠪᠤᠯ ᠠᠷᠠᠳ ᠲᠦᠮᠡᠨ ᠳᠤ ᠠᠰᠢᠭ ᠬᠦᠷᠳᠡᠭᠡᠵᠥ᠂ ᠲᠤᠮᠳᠠᠳᠤ ᠤᠯᠤᠰ ᠤᠨ ᠡᠪ ᠬᠠᠮᠳᠤ ᠨᠠᠮ ᠢᠮᠠᠬᠳᠠ ᠠᠷᠠᠳ ᠲᠦᠮᠡᠨ ᠤ ᠲᠤᠯᠠᠭᠠᠨ ᠪᠦᠯᠢᠶᠡᠨ ᠢ ᠲᠡᠷᠢᠬᠦᠨ ᠳᠤ ᠲᠠᠯᠪᠢᠵᠥ ᠪᠠᠶᠢᠬᠤ ᠶᠢ ᠬᠠᠷᠠᠭᠤᠯᠵᠥ᠂ ᠠᠷᠠᠳ ᠤᠨ ᠲᠦᠯᠥᠬᠡ ᠲᠦᠷᠦ ᠪᠠᠷᠢᠬᠤ ᠪᠤᠷᠤᠬᠵᠢᠭᠤᠨ ᠤᠢᠢᠯᠠᠭᠠᠬᠳᠠᠬᠤᠨ ᠢ ᠢᠯᠡᠷᠡᠬᠦᠯᠥᠭᠰᠡᠡ ᠪᠠᠶᠢᠨ᠎ᠠ ᠬᠡᠵᠥ ᠬᠡᠯᠡᠪᠡ᠃

  ᠠᠮᠧᠷᠢᠺᠠ ᠶᠢᠨ ᠪᠦᠬᠦ ᠪᠦᠮᠪᠦᠷᠴᠡᠭ ᠤᠨ ᠪᠠᠶᠢᠯᠳᠤᠬᠤ ᠪᠤᠳᠤᠯᠭ᠎ᠠ ᠶᠢᠨ ᠮᠡᠳᠡᠭᠡ ᠵᠠᠩᠬᠢ ᠰᠡᠳᠬᠦᠯ ᠤᠨ ᠸᠠᠰᠢᠩᠲ᠋ᠤᠨ ᠳᠠᠬᠢ ᠬᠤᠪᠢᠶᠠᠷᠢ ᠬᠤᠷᠢᠶ᠎ᠠ ᠶᠢᠨ ᠲᠠᠷᠤᠭ᠎ᠠ᠂ ᠤᠯᠠᠨ ᠤᠯᠤᠰ ᠤᠨ ᠠᠰᠠᠭᠤᠳᠠᠯ ᠤᠨ ᠲᠤᠰᠬᠠᠢ ᠮᠡᠷᠬᠡᠵᠢᠯᠳᠡᠨ ᠸᠢᠯᠢᠶᠠᠨ · ᠴᠢᠶᠦ᠋ᠩᠰ᠂ ᠲᠤᠮᠳᠠᠳᠤ ᠤᠯᠤᠰ ᠤᠨ 2017 ᠤᠨ ᠳᠤ ᠤᠯᠤᠭᠰᠠᠠ ᠮᠠᠰᠢ ᠤᠯᠠᠨ ᠠᠮᠵᠢᠯᠳᠡ ᠶᠢᠨ ᠲᠤᠳᠤᠷ᠎ᠠ ᠶᠠᠳᠠᠭᠤ ᠶᠢ ᠲᠡᠳᠬᠦᠬᠦ ᠪᠤᠯ ᠬᠠᠮᠤᠭ ᠤᠨ ᠴᠢᠬᠤᠯᠠ ᠠᠮᠵᠢᠯᠳᠡ ᠪᠤᠯᠤᠨ᠎ᠠ᠂ ᠲᠡᠯᠡᠬᠡᠢ ᠳᠤ ᠠᠪᠴᠦ ᠬᠡᠯᠡᠪᠡᠯ ᠤᠷᠢᠳᠤ ᠡᠮᠤᠨ᠎ᠡ ᠪᠠᠶᠢᠭ᠎ᠠ ᠦᠭᠡᠢ ᠲᠡᠤᠬᠡᠳᠤ ᠠᠴᠢ ᠬᠤᠯᠪᠤᠭᠳᠠᠯ ᠲᠠᠢ ᠶᠤᠮ ᠬᠡᠵᠥ ᠬᠡᠯᠡᠪᠡ᠃

  ᠸᠢᠶᠧᠲᠨᠠᠮ ᠤᠨ ᠬᠤ᠋ ᡁᠢ ᠮᠢᠩ ᠬᠤᠲᠠ ᠶᠢᠨ ᠸᠢᠶᠧᠲᠨᠠᠮ ᠳᠤᠮᠳᠠᠳᠤ ᠶᠢᠨ ᠨᠦᠬᠦᠷᠯᠡᠯ ᠤᠨ ᠨᠡᠶᠢᠭᠡᠮᠯᠢᠭ ᠤᠨ ᠭᠦᠢᠴᠡᠳᠭᠡᠭᠴᠢ ᠭᠡᠰᠢᠭᠦᠨ ᠷᠤᠸᠠᠨ ᠱᠠᠨ ᡁᠢ ᠫᠷᠤᠹᠧᠰᠰᠤᠷ᠂ ᠰᠢᠨ᠎ᠠ ᠵᠢᠯ ᠤᠨ ᠪᠠᠶᠠᠷ ᠤᠨ ᠦᠭᠡ ᠳᠤ ᠠᠷᠠᠳ ᠲᠦᠮᠡᠨ ᠤ ᠠᠩᠬᠠᠷᠴᠤ ᠪᠠᠶᠢᠭ᠎ᠠ ᠰᠤᠷᠭᠠᠨ ᠬᠦᠮᠦᠵᠢᠯ᠂ ᠠᠵᠢᠯ ᠤᠯᠭᠤᠯᠳᠠ᠂ ᠡᠮ ᠡᠮᠨᠡᠯᠭᠡ᠂ ᠤᠷᠴᠢᠨ ᠲᠤᠭᠤᠷᠢᠨ ᠤ ᠬᠠᠮᠠᠭᠠᠯᠠᠯᠳᠠ ᠵᠡᠷᠭᠡ ᠠᠰᠠᠭᠤᠳᠠᠯ ᠢ ᠳᠤᠷᠠᠳᠴᠠᠢ᠂ ᠡᠨᠡ ᠨᠢ ᠳᠤᠮᠳᠠᠳᠤ ᠤᠯᠤᠰ ᠤᠨ ᠡᠪ ᠬᠠᠮᠲᠦ ᠨᠠᠮ ᠠᠷᠠᠳ ᠲᠦᠮᠡᠨ ᠤ ᠪᠤᠳᠤᠯᠬᠢᠯᠠᠵᠤ ᠪᠠᠶᠢᠬᠤ ᠠᠰᠠᠭᠤᠳᠠᠯ ᠢ ᠪᠤᠳᠤᠯᠬᠢᠯᠠᠵᠤ ᠪᠠᠶᠢᠨ᠎ᠠ ᠭᠡᠳᠡᠭ ᠢ ᠬᠠᠷᠠᠭᠤᠯᠪᠠ ᠭᠡᠵᠤ ᠢᠯᠡᠳᠭᠡᠵᠠᠢ᠃ᠰᠢᠷᠭᠠᠭᠤ ᠴᠢᠷᠮᠠᠶᠢᠯᠭ᠎ᠠ ᠠᠴᠠ ᠰᠢᠯᠢᠳᠡᠭ ᠠᠮᠵᠢᠯᠳᠠ ᠳᠤᠳᠤᠷᠠᠵᠤ ᠰᠠᠶᠢᠨ ᠰᠠᠶᠢᠬᠠᠨ ᠵᠢᠷᠤᠭ ᠲᠦᠰᠦᠪ ᠨᠢ ᠬᠦᠮᠦᠰ ᠤᠨ ᠰᠡᠳᠭᠢᠯ ᠢ ᠨᠢᠭᠳᠠᠷᠠᠭᠤᠯᠤᠨ᠎ᠠ

  ᠲᠡᠷᠢᠭᠦᠯᠡᠭᠴᠢ ᠰᠢ ᠶᠢᠨ ᠫᠢᠩ ᠪᠠᠶᠠᠷ ᠤᠨ ᠦᠭᠡ ᠳᠡᠭᠡᠨ᠂ 2018 ᠤᠨ ᠪᠤᠯ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠷᠪᠠ ᠶᠢᠰᠦᠳᠦᠭᠡᠷ ᠶᠡᠭᠡ ᠬᠤᠷᠡᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠬᠤ ᠡᠬᠢᠯᠡᠯᠳᠡ ᠶᠢᠨ ᠵᠢᠯ ᠪᠤᠯᠤᠨ᠎ᠠ᠃ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ᠮᠠᠨ ᠤ ᠤᠯᠤᠰ ᠤᠨ ᠬᠦᠭᠵᠢᠯᠳᠡ ᠶᠢᠨ ᠬᠤᠶᠢᠰᠢᠳᠠ ᠶᠢᠨ 30 ᠵᠢᠯ ᠤᠨ ᠰᠠᠶᠢᠨ ᠰᠠᠶᠢᠬᠠᠨ ᠵᠢᠷᠤᠭ ᠲᠦᠰᠦᠪ ᠢ ᠵᠢᠷᠤᠭᠯᠠᠵᠠᠢ᠂ ᠡᠨᠡᠬᠦ ᠵᠢᠷᠤᠭ ᠲᠦᠰᠦᠪ ᠢ ᠪᠤᠳᠠᠳᠤ ᠪᠠᠶᠢᠳᠠᠯ ᠪᠤᠯᠭᠠᠬᠤ ᠭᠡᠪᠡᠯ ᠡᠷᠬᠡᠪᠰᠢ ᠬᠡᠢ ᠬᠤᠭᠤᠰᠤᠨ ᠵᠦᠢᠯ ᠢ ᠪᠤᠳᠤᠵᠤ ᠪᠤᠯᠬᠤ ᠦᠭᠡᠢ᠂ ᠬᠡᠶᠢᠰᠪᠦᠷᠢ ᠶᠠᠭᠤᠮ᠎ᠠ ᠶᠢ ᠬᠦᠭᠡᠭᠡᠴᠡᠯᠳᠦᠵᠤ ᠪᠤᠯᠬᠤ ᠦᠭᠡᠢ᠂ ᠨᠢᠭᠡ ᠨᠢᠭᠡ ᠠᠯᠬᠤᠮ ᠢᠶᠠᠷ ᠤᠷᠤᠭᠰᠢᠯᠠᠵᠤ᠂ ᠠᠵᠢᠯ ᠢᠶᠠᠨ ᠯᠠᠪᠳᠠᠭᠤᠨ ᠪᠠᠳᠤᠳᠠᠢ ᠬᠢᠬᠦ ᠬᠡᠷᠡᠭᠲᠠᠢ ᠭᠡᠪᠡ᠃

  ᠶᠧᠵᠢᠫᠲ ᠤᠨ ᠫᠢᠷᠠᠮᠢᠳ᠋ ᠰᠤᠪᠤᠷᠭ᠎ᠠ ᠰᠤᠨᠢᠨ᠎ ᠤ ᠰᠤᠷᠪᠤᠯᠵᠢᠯᠠᠭᠴᠢ ᠰᠠᠮᠢ᠂ ᠺᠠᠮᠦ᠋ᠬᠠᠸᠧᠢ᠂ ᠲᠡᠷᠢᠭᠦᠯᠡᠭᠴᠢ ᠰᠢ ᠶᠢᠨ ᠫᠢᠩ ᠰᠢᠨ᠎ᠠ ᠵᠢᠯ ᠤᠨ ᠪᠠᠶᠠᠷ ᠤᠨ ᠦᠭᠡ ᠳᠡᠭᠡᠨ 2020 ᠤᠨ ᠪᠤᠯᠬᠤ ᠦᠶ᠎ᠠ ᠪᠠᠷ ᠳᠤᠮᠳᠠᠳᠤ ᠤᠯᠤᠰ ᠤᠨ ᠤᠳᠤᠬᠠᠨ ᠤ ᠪᠠᠷᠢᠮᠵᠢᠶ᠎ᠠ ᠳᠤᠤᠷᠠᠬᠢ ᠬᠦᠳᠡᠭᠡ ᠲᠤᠰᠬᠤᠨ ᠤ ᠶᠠᠳᠠᠭᠤ ᠬᠦᠴᠢᠷᠳᠡᠯᠳᠠᠢ ᠬᠦᠮᠦᠨ ᠠᠮᠠ ᠶᠢ ᠶᠠᠳᠠᠭᠤ ᠠᠴᠠ ᠠᠩᠭᠢᠵᠢᠷᠠᠭᠤᠯᠬᠤ ᠬᠠᠷᠠᠯᠳᠠ ᠶᠢ ᠪᠡᠶᠡᠯᠡᠭᠦᠯᠦᠨ᠎ᠠ ᠭᠡᠵᠤ ᠳᠠᠬᠢᠨᠳᠠ ᠳᠤᠳᠤᠷᠬᠠᠢᠢᠯᠠᠵᠠᠢ᠂ ᠡᠨᠡ ᠨᠢ ᠳᠤᠮᠳᠠᠳᠤ ᠤᠯᠤᠰ ᠤᠨ ᠵᠠᠰᠠᠭ ᠤᠨ ᠤᠷᠳᠤᠨ ᠤ ᠲᠦᠷᠦ ᠶᠢᠨ ᠵᠠᠷᠯᠢᠭ ᠢᠶᠠᠨ ᠠᠬᠢᠭᠤᠯᠬᠤ ᠠᠴᠠ ᠡᠮᠦᠨ᠎ᠠ ᠭᠦᠢᠴᠡᠳ ᠬᠡᠮᠵᠢᠶᠠᠨ ᠤ ᠪᠠᠶᠢᠴᠠᠭᠠᠨ ᠰᠤᠳᠤᠯᠤᠯᠳᠠ ᠪᠠ ᠲᠦᠯᠦᠪᠵᠢᠭᠦᠯᠭᠡ ᠬᠢᠭᠰᠡᠨ ᠢ ᠬᠠᠷᠠᠭᠤᠯᠪᠠ᠃ ᠳᠤᠮᠳᠠᠳᠤ ᠤᠯᠤᠰ ᠤᠨ ᠡᠨᠡ ᠵᠢᠯ ᠤᠨ ᠠᠵᠤ ᠠᠬᠤᠢ ᠶᠢᠨ ᠵᠢᠭᠠᠯᠳᠠ ᠲᠤᠭ᠎ᠠ ᠪᠦᠬᠦ ᠲᠠᠯ᠎ᠠ ᠪᠠᠷ ᠰᠠᠶᠢᠵᠢᠷᠠᠵᠤ᠂ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠲᠤᠯᠬᠤ ᠲᠠᠯ᠎ᠠ ᠪᠠᠷ ᠨᠡᠩ ᠶᠡᠭᠡ ᠠᠯᠬᠤᠮ ᠢ ᠠᠯᠬᠤᠵᠠᠢ ᠭᠡᠵᠤ ᠬᠡᠯᠡᠪᠡ᠃

  ᠹᠷᠠᠨᠼᠢ ᠶᠢᠨ ᠫᠠᠷᠢᠰ ᠤᠨ ᠨᠠᠢᠮᠠᠳᠤᠭᠠᠷ ᠶᠡᠭᠡ ᠰᠤᠷᠭᠠᠭᠤᠯᠢ ᠶᠢᠨ ᠳᠤᠮᠳᠠᠳᠤ ᠤᠯᠤᠰ ᠤᠨ ᠠᠰᠠᠭᠤᠳᠠᠯ ᠤᠨ ᠲᠤᠰᠬᠠᠢ ᠮᠡᠷᠭᠡᠵᠢᠯᠳᠡᠨ ᠫᠢᠸᠧ · ᠫᠢᠺᠠᠶᠢᠷ᠂ ᠲᠡᠷᠢᠭᠦᠯᠡᠭᠴᠢ ᠰᠢ ᠶᠢᠨ ᠫᠢᠩ ᠤᠨ ᠳᠤᠷᠠᠳᠤᠭᠰᠠᠨ ᠬᠠᠷᠠᠯᠳᠠ ᠶᠢᠨ ᠨᠢᠭᠡ ᠪᠤᠯ 2020 ᠤᠨ ᠪᠤᠯᠬᠤ ᠦᠶ᠎ᠠ ᠪᠠᠷ ᠳᠤᠮᠳᠠᠳᠤ ᠤᠯᠤᠰ ᠤᠨ ᠤᠳᠤᠬᠠᠨ ᠤ ᠪᠠᠷᠢᠮᠵᠢᠶ᠎ᠠ ᠳᠤᠤᠷᠠᠬᠢ ᠬᠦᠳᠡᠭᠡ ᠲᠤᠰᠬᠤᠨ ᠤ ᠶᠠᠳᠠᠭᠤ ᠬᠦᠴᠢᠷᠳᠡᠯᠳᠠᠢ ᠬᠦᠮᠦᠨ ᠠᠮᠠ ᠶᠢ ᠶᠠᠳᠠᠭᠤ ᠠᠴᠠ ᠠᠩᠭᠢᠵᠢᠷᠠᠭᠤᠯᠤᠨ᠎ᠠ᠂ ᠡᠨᠡ ᠨᠢ ᠪᠠᠰᠠᠴᠤ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠨᠠᠶᠢᠳᠠᠪᠤᠷᠢᠵᠢᠭᠤᠯᠬᠤ ᠴᠢᠬᠤᠯᠠ ᠬᠠᠷᠠᠯᠳᠠ ᠪᠤᠯᠤᠨ᠎ᠠ ᠭᠡᠵᠤ ᠬᠡᠯᠡᠵᠠᠢ᠃

  ᠠᠩᠭ᠍ᠯᠢ ᠶᠢᠨ 48 ᠪᠦᠯᠦᠭᠯᠡᠯ ᠤᠨ ᠳᠡᠳ᠋ ᠲᠡᠷᠢᠭᠦᠯᠡᠭᠴᠢ ᠵᠢᠰᠧ · ᠪᠠᠨᠨᠢᠲ ᠠᠩᠭ᠍ᠯᠢ ᠳᠤᠮᠳᠠᠳᠤ ᠶᠢᠨ ᠠᠷᠠᠯᠵᠢᠶ᠎ᠠ ᠳᠤ ᠤᠯᠠᠨ ᠤᠷᠤᠯᠴᠠᠪᠠ᠂ ᠲᠡᠷᠡ᠂ ᠲᠡᠷᠢᠭᠦᠯᠡᠭᠴᠢ ᠰᠢ ᠶᠢᠨ ᠫᠢᠩ ᠤᠨ ᠰᠢᠨ᠎ᠠ ᠵᠢᠯ ᠤᠨ ᠪᠠᠶᠠᠷ ᠤᠨ ᠦᠭᠡ ᠨᠢ ᠬᠦᠮᠦᠰ ᠤᠨ ᠰᠡᠳᠭᠢᠯ ᠢ ᠤᠷᠮᠠᠰᠢᠭᠤᠯᠤᠨ᠎ᠠ᠂ ᠲᠦᠢᠯ ᠤᠨ ᠦᠨᠡᠨ ᠪᠤᠳᠠᠳᠠᠢ ᠪᠠᠶᠢᠨ᠎ᠠ᠂ ᠡᠨᠡ ᠨᠢ ᠳᠤᠮᠳᠠᠳᠤ ᠤᠯᠤᠰ ᠤᠨ ᠤᠳᠤᠷᠢᠳᠬᠤ ᠬᠦᠮᠦᠰ ᠤᠨ ᠠᠵᠢᠯ ᠤᠨ ᠠᠷᠭ᠎ᠠ ᠬᠡᠯᠪᠡᠷᠢ ᠪᠤᠯ ᠠᠤᠭ᠎ᠠ ᠶᠡᠭᠡ ᠪᠠᠶᠢᠯᠳᠤᠬᠤ ᠪᠤᠳᠤᠯᠭ᠎ᠠ ᠶᠢᠨ ᠬᠠᠷᠠᠭᠠᠰᠤ ᠪᠤᠯᠤᠨ ᠨᠠᠷᠢᠨ ᠵᠦᠢᠯᠡᠰ ᠢ ᠬᠠᠷᠢᠯᠴᠠᠨ ᠤᠶᠠᠯᠳᠤᠭᠤᠯᠤᠬᠰᠠᠨ ᠳᠤ ᠪᠠᠶᠢᠨ᠎ᠠ ᠭᠡᠵᠤ ᠬᠡᠯᠡᠵᠠᠢ᠃

  ᠲᠤᠮᠤ ᠤᠯᠤᠰ ᠤᠨ ᠬᠡᠬᠦᠳᠡᠭ ᠴᠡᠬᠡᠵᠢ ᠪᠠᠷ ᠲᠡᠯᠡᠬᠡᠢ ᠶᠢᠨ ᠠᠷᠠᠳ ᠲᠦᠮᠡᠨ ᠲᠠᠢ ᠦᠷ᠎ᠠ ᠪᠦᠳᠤᠬᠡᠯ ᠢᠶᠠᠨ ᠬᠠᠮᠳᠤᠪᠡᠷ ᠡᠳ᠋ᠯᠡᠨᠡᠮ

  ᠲᠡᠷᠢᠬᠦᠯᠡᠭᠴᠢ ᠰᠢ ᠶᠢᠨ ᠫᠢᠩ ᠪᠠᠶᠠᠷ ᠤᠨ ᠦᠬᠡ ᠳᠡᠭᠡᠨ᠂ ᠪᠢᠳᠠ ᠬᠤᠯᠪᠤᠬᠳᠠᠯ ᠪᠦᠬᠦᠢ ᠡᠯ᠎ᠠ ᠲᠠᠯ᠎ᠠ ᠲᠠᠢ ᠰᠠᠨᠠᠯ ᠢᠶᠠᠨ ᠬᠦᠨᠵᠡᠬᠡᠢ ᠰᠤᠯᠢᠯᠴᠠᠵᠤ᠂ ᠤᠯᠠᠨ ᠢᠶᠠᠷ ᠢᠶᠠᠨ ᠬᠦᠮᠤᠨ ᠲᠦᠷᠤᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠪᠦᠳᠤᠬᠡᠨ ᠪᠠᠶᠢᠭᠤᠯᠬᠤ ᠶᠢ ᠬᠠᠮᠳᠤᠪᠡᠷ ᠠᠬᠢᠭᠤᠯᠵᠤ᠂ ᠲᠡᠯᠡᠬᠡᠢ ᠶᠢᠨ ᠡᠯ᠎ᠠ ᠤᠯᠤᠰ ᠤᠨ ᠠᠷᠠᠳ ᠲᠦᠮᠡᠨ ᠳᠤ ᠪᠤᠶᠠᠨ ᠤᠢᠢᠯᠡᠳᠬᠦ ᠶᠢ ᠵᠦᠪᠰᠢᠶᠡᠷᠡᠪᠠ᠂ ᠳᠤᠮᠳᠠᠳᠤ ᠤᠯᠤᠰ ᠤᠨ ᠠᠷᠠᠳ ᠲᠦᠮᠡᠨ ᠲᠤᠷᠠᠳᠠᠶ᠎ᠠ ᠡᠯ᠎ᠠ ᠤᠯᠤᠰ ᠤᠨ ᠠᠷᠠᠳ ᠲᠦᠮᠡᠨ ᠲᠠᠢ ᠬᠠᠮᠳᠤᠪᠡᠷ᠂ ᠬᠦᠮᠤᠨ ᠲᠦᠷᠤᠯᠬᠢᠳᠠᠨ ᠤ ᠨᠡᠩ ᠴᠡᠴᠡᠭᠯᠠᠨ ᠬᠦᠭᠵᠢᠭᠰᠡᠨ᠂ ᠨᠡᠩ ᠠᠮᠤᠷ ᠠᠮᠤᠭᠤᠯᠠᠩ ᠰᠠᠶᠢᠨ ᠰᠠᠶᠢᠬᠠᠨ ᠢᠷᠡᠬᠡᠳᠤᠢ ᠶᠢ ᠴᠤᠬᠴᠠᠯᠠᠨ᠎ᠠ ᠬᠡᠵᠥ ᠬᠡᠯᠡᠪᠡ᠃

  ᠡᠨᠡᠳᠭᠡᠭ ᠤᠨ ᠨᠢᡁᠧᠯᠣ᠋ ᠶᠡᠭᠡ ᠰᠤᠷᠭᠠᠭᠤᠯᠢ ᠶᠢᠨ ᠳᠤᠮᠳᠠᠳᠤ ᠤᠯᠤᠰ ᠪᠤᠯᠤᠨ ᠵᠡᠬᠦᠨ ᠡᠮᠤᠨᠡᠳᠤ ᠠᠽᠢᠶ᠎ᠠ ᠶᠢᠨ ᠰᠤᠳᠤᠯᠭᠠᠨ ᠤ ᠲᠦᠪ ᠤᠨ ᠫᠷᠤᠹᠧᠰᠰᠤᠷ᠂ ᠬᠢᠳᠡᠳ ᠬᠡᠯᠡᠨ ᠤ ᠰᠤᠳᠤᠯᠤᠯ ᠤᠨ ᠡᠷᠳᠡᠮᠳᠡᠨ ᠳ᠋ᠢᠪᠦ᠋ᠸᠧᠵᠢᠶᠧ᠂ ᠲᠡᠷᠢᠬᠦᠯᠡᠭᠴᠢ ᠰᠢ ᠶᠢᠨ ᠫᠢᠩ ᠳᠤᠮᠳᠠᠳᠤ ᠤᠯᠤᠰ ᠤᠨ ᠬᠢᠨ ᠬᠦᠢᠴᠡᠳᠭᠡᠪᠡᠰᠤ ᠵᠤᠬᠢᠬᠤ ᠲᠡᠯᠡᠬᠡᠢ ᠶᠢᠨ ᠡᠬᠦᠷᠬᠡ ᠪᠤᠯᠤᠨ ᠬᠠᠷᠢᠭᠤᠴᠠᠯᠭ᠎ᠠ ᠪᠠᠨ ᠢᠳᠡᠪᠬᠢᠳᠠᠢ ᠬᠦᠢᠴᠡᠳᠬᠡᠵᠤ᠂ ᠬᠦᠮᠤᠨ ᠲᠦᠷᠤᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠪᠦᠳᠤᠬᠡᠨ ᠪᠠᠶᠢᠭᠤᠯᠬᠤ ᠶᠢ ᠬᠠᠮᠳᠤᠪᠡᠷ ᠠᠬᠢᠭᠤᠯᠬᠤ ᠪᠠᠷ ᠲᠤᠷᠠᠳᠴᠤ᠂ ᠳᠤᠮᠳᠠᠳᠤ ᠤᠯᠤᠰ ᠤᠨ ᠬᠢᠨ ᠲᠡᠯᠡᠬᠡᠢ ᠶᠢᠨ ᠡᠩᠬᠡ ᠲᠠᠶᠢᠪᠤᠩ ᠪᠤᠯᠤᠨ ᠲᠤᠭᠳᠠᠭᠤᠨ ᠢ ᠬᠠᠮᠠᠭᠠᠯᠠᠬᠤ ᠶᠢᠨ ᠲᠦᠯᠤᠬᠡ ᠴᠢᠷᠮᠠᠶᠢᠵᠤ᠂ ᠤᠷᠤᠨ ᠪᠦᠰᠠ ᠪᠤᠯᠤᠨ ᠪᠦᠬᠦ ᠪᠦᠮᠪᠦᠷᠴᠡᠭ ᠤᠨ ᠠᠵᠤ ᠠᠬᠤᠢ ᠶᠢᠨ ᠨᠡᠮᠡᠭᠳᠡᠯ ᠢ ᠠᠬᠢᠭᠤᠯᠬᠤ ᠪᠠᠷ ᠳᠤᠳᠤᠷᠬᠠᠢᠢᠯᠠᠪᠠ ᠬᠡᠵᠤ ᠢᠯᠡᠳᠬᠡᠵᠡᠢ᠃

  ᠰᠸᠢᠰ ᠤᠨ ᠭᠠᠳᠠᠭᠠᠳᠤ ᠶᠢᠨ ᠰᠤᠷᠪᠤᠯᠵᠢᠯᠠᠬᠴᠢᠳ ᠤᠨ ᠨᠡᠶᠢᠬᠡᠮᠯᠢᠭ ᠤᠨ ᠲᠡᠷᠢᠬᠦᠯᠡᠭᠴᠢ ᠷᠠᠩ · ᠮᠦᠰᠢ᠂ ᠲᠡᠷᠢᠬᠦᠯᠡᠭᠴᠢ ᠰᠢ ᠶᠢᠨ ᠫᠢᠩ᠂ ᠨᠢᠬᠡ ᠪᠦᠰᠠ ᠨᠢᠬᠡ ᠵᠠᠮ᠎ ᠢ ᠬᠠᠮᠳᠤᠪᠡᠷ ᠪᠦᠳᠤᠬᠡᠨ ᠪᠠᠶᠢᠭᠤᠯᠬᠤ ᠶᠢ ᠢᠳᠡᠪᠬᠢᠳᠠᠢ ᠠᠬᠢᠭᠤᠯᠵᠤ᠂ ᠪᠦᠬᠦ ᠪᠦᠮᠪᠦᠷᠴᠡᠭ ᠤᠨ ᠬᠦᠭᠵᠢᠯᠳᠠ ᠳᠤ ᠬᠤᠪᠢ ᠨᠡᠮᠡᠷᠢ ᠦᠵᠡᠬᠦᠯᠤᠨ᠎ᠠ ᠬᠡᠵᠤ ᠢᠯᠡᠳᠬᠡᠪᠡ᠂ ᠡᠨᠡ ᠨᠢ ᠲᠡᠯᠡᠬᠡᠢ ᠶᠢᠷᠳᠢᠨᠴᠤ ᠤᠨᠴᠠᠭᠠᠢᠢᠯᠠᠨ ᠦᠷᠬᠡᠨ ᠤᠯᠠᠨ ᠬᠦᠭᠵᠢᠵᠤ ᠪᠠᠶᠢᠭ᠎ᠠ ᠤᠯᠤᠰ ᠤᠳ ᠢ ᠬᠠᠮᠳᠤᠪᠡᠷ ᠬᠦᠭᠵᠢᠬᠦ ᠬᠦᠰᠡᠯ ᠡᠷᠡᠮᠡᠯᠵᠡᠯ ᠲᠠᠢ ᠪᠤᠯᠭᠠᠵᠤ᠂ ᠶᠡᠭᠡ ᠵᠤᠷᠢᠭᠵᠢᠭᠤᠯᠤᠯ ᠪᠤᠯᠤᠬᠰᠠᠨ ᠪᠠᠶᠢᠨ᠎ᠠ ᠬᠡᠵᠤ ᠬᠡᠯᠡᠪᠡ᠃

  ᠹᠢᠯᠢᠫᠢᠨ ᠤ ᠶᠠᠳᠢᠶᠠᠨᠶᠤᠤ ᠶᠡᠭᠡ ᠰᠤᠷᠭᠠᠭᠤᠯᠢ ᠶᠢᠨ ᠳᠤᠮᠳᠠᠳᠤ ᠤᠯᠤᠰ ᠤᠨ ᠠᠰᠠᠭᠤᠳᠠᠯ ᠤᠨ ᠲᠤᠰᠬᠠᠢ ᠮᠡᠷᠬᠡᠵᠢᠯᠳᠠᠨ ᠯᠤᠰᠢ᠊ ᠊ ᠤᠦ · ᠫᠢᠲ᠋ᠧᠯᠣ᠋ ᠶᠢᠨ ᠦᠵᠡᠬᠦ ᠪᠠᠷ᠂ ᠳᠤᠮᠳᠠᠳᠤ ᠤᠯᠤᠰ ᠤᠨ ᠬᠢᠨ ᠬᠦᠮᠤᠨ ᠲᠦᠷᠤᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠪᠦᠳᠤᠬᠡᠨ ᠪᠠᠶᠢᠭᠤᠯᠬᠤ ᠶᠢ ᠬᠠᠮᠳᠤᠪᠡᠷ ᠠᠬᠢᠭᠤᠯᠬᠤ ᠪᠠᠷ ᠲᠤᠷᠠᠳᠤᠬᠰᠠᠨ ᠨᠢ ᠪᠠᠭᠳᠠᠭᠠᠮᠵᠢᠳᠠᠢ ᠪᠦᠬᠡᠳ ᠨᠡᠬᠡᠬᠡᠯᠳᠠᠳᠠᠢ ᠪᠠᠶᠢᠵᠤ᠂ ᠵᠦᠪᠳᠡᠯᠴᠠᠨ ᠬᠠᠮᠳᠤᠷᠠᠯᠴᠠᠭ᠎ᠠ ᠬᠢᠬᠦ ᠪᠠᠷ ᠲᠠᠮᠵᠢᠭᠤᠯᠵᠤ ᠬᠦᠮᠤᠨ ᠲᠦᠷᠤᠯᠬᠢᠳᠠᠨ ᠳᠤ ᠲᠤᠯᠭᠠᠷᠠᠵᠤ ᠪᠠᠶᠢᠭ᠎ᠠ ᠬᠠᠮᠳᠤ ᠶᠢᠨ ᠦᠷᠢᠰᠤᠯᠳᠤᠬᠡᠨ ᠢ ᠠᠷᠭᠠᠴᠠᠬᠤ ᠶᠢ ᠰᠠᠨᠠᠭᠠᠴᠢᠯᠠᠪᠠ᠂ ᠡᠬᠦᠨ ᠳᠤ ᠡᠯ᠎ᠠ ᠤᠯᠤᠰ ᠤᠨ ᠬᠢᠨ ᠴᠦᠮ ᠠᠰᠢᠬ ᠲᠤᠰᠠ ᠬᠦᠷᠳᠡᠵᠡᠢ᠃ ᠤᠳᠤ ᠶᠢᠨ ᠲᠡᠯᠡᠬᠡᠢ ᠨᠡᠶᠢᠬᠡᠮ ᠢᠶᠠᠷ ᠢᠶᠠᠨ ᠬᠦᠮᠤᠨ ᠲᠦᠷᠤᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠪᠦᠳᠤᠬᠡᠨ ᠪᠠᠶᠢᠭᠤᠯᠬᠤ ᠶᠢ ᠬᠠᠮᠳᠤᠪᠡᠷ ᠠᠬᠢᠭᠤᠯᠬᠤ ᠶᠢ ᠵᠦᠪᠰᠢᠶᠡᠷᠡᠵᠤ ᠪᠠᠶᠢᠨ᠎ᠠ ᠬᠡᠵᠡᠢ᠃

  (ᠰᠤᠷᠪᠤᠯᠵᠢᠯᠠᠬᠴᠢ ᠯᠢᠶᠠᠩ ᠬᠤᠢ᠂ ᠸᠠᠩ ᠺᠧ ᠵᠢᠶᠠ᠂ ᠵᠦ ᠳ᠋ᠦᠩ ᠶᠠᠩ᠂ ᠯᠢᠦ ᠴᠧᠨ᠂ ᠲᠤᠤ ᠵᠢᠶᠦ᠋ᠨ᠂ ᠸᠠᠩ ᠳ᠋ᠢ᠂ ᠯᠢᠨ ᠬᠤᠤ᠂ ᠸᠠᠩ ᠳ᠋ᠠ ᠸᠧᠢ᠂ ᠵᠧᠩ ᠺᠠᠢ ᠯᠦᠨ᠂ ᠬᠠᠨ ᠪᠢᠨ᠂ ᠬᠦᠢ ᠲᠤᠤ᠂ ᠵᠤᠦ ᠰᠢᠤᠢ᠂ ᠨᠢᠶᠧ ᠰᠢᠶᠤᠤ ᠶᠠᠩ᠂ ᠶᠤᠸᠠᠨ ᠮᠧᠩ ᠴᠧᠨ᠂ ᠳ᠋ᠦᠩ ᠴᠧᠩ ᠸᠧᠨ᠂ ᠯᠢ ᠮᠢᠩ )

  (ᠰᠢᠨᠬᠤᠸᠠ ᠬᠤᠷᠢᠶᠠᠨ ᠤ ᠪᠡᠬᠡᠵᠢᠩ ᠤᠨ 1 ᠰᠠᠷ᠎ᠠ ᠶᠢᠨ 1᠎ ᠤ ᠴᠠᠬᠢᠯᠭᠠᠨ ᠮᠡᠳᠡᠭᠡ ᠠᠴᠠ)

 
  

ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠨᠠᠮ ᠤᠨ ᠭᠡᠰᠢᠬᠥᠨ ᠦ ᠰᠤᠷᠭᠠᠨ ᠬᠥᠮᠥᠵᠢᠬᠥᠯᠬᠥ ᠲᠥᠪ ᠳᠠᠭᠠᠭᠠᠨ ᠡᠷᠬᠢᠯᠡᠪᠡ
北疆先锋网蒙文版权所有 蒙ICP备07000509号
Tel:0471-4813643 Email:bjxfmgyw@163.com